ᠶᠠᠷᠢᠶ᠎ᠠ ᠶᠡᠬᠡᠳᠪᠡᠯ ᠁ – ᠰ ᠂ ᠳᠤᠯᠮ᠎ᠠ Яриа ихэдвэл ᠁ – Ш ᠂ Дулам ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠠᠷᠢᠶ᠎ᠠ ᠶᠡᠬᠡᠳᠪᠡᠯ ᠁ – ᠰ ᠂ ᠳᠤᠯᠮ᠎ᠠ Яриа ихэдвэл ᠁ – Ш ᠂ Дулам

ᠶᠠᠷᠢᠶ᠎ᠠ ᠶᠡᠬᠡᠳᠪᠡᠯ ᠁ – ᠰ ᠂ ᠳᠤᠯᠮ᠎ᠠ Яриа ихэдвэл ᠁ – Ш ᠂ Дулам

ᠠᠩᠭᠢᠯᠠᠯ:ᠬᠣᠱᠣᠩ ᠱᠣᠭ
2023-11-03

331

ᠶᠠᠷᠢᠶ᠎ᠠ ᠶᠡᠬᠡᠳᠪᠡᠯ ᠁


ᠱ᠂ ᠳᠤᠯᠮ᠎ᠠ
( ᠱᠣᠭ ᠰᠢᠯᠦᠭ )

ᠳᠠᠨᠳᠠᠪ ᠳᠠᠷᠤᠭ᠎ᠠ ᠶ᠋ᠢᠨ ᠶᠠᠩᠵᠢᠮ᠎ᠠ
ᠳᠡᠯᠭᠡᠭᠦᠷ ᠬᠠᠪᠢ ᠶ᠋ᠢᠨ ᠰᠦᠩᠵᠢᠮ᠎ᠠ
ᠤᠷᠢᠳᠤ ᠬᠠᠭᠠᠯᠭᠠᠨ ᠤ᠋ ᠣᠨᠳᠣᠷᠮ᠎ᠠ
ᠤᠷᠠᠨ ᠳᠠᠷᠬᠠᠨ ᠤ᠋ ᠬᠠᠨᠲᠠᠷᠮ᠎ᠠ
ᠪᠠᠷᠠᠭᠤᠨ ᠠᠢᠯ ᠤ᠋ᠨ ᠪᠠᠯᠵᠢᠳᠮ᠎ᠠ
ᠪᠠᠶᠠᠷ ᠨᠢᠷᠪᠠ ᠶ᠋ᠢᠨ ᠫᠸᠯᠵᠢᠳᠮ᠎ᠠ
ᠬᠣᠢᠲᠤ ᠮᠤᠬᠤᠯᠠᠭ ᠤ᠋ᠨ ᠳᠠᠵᠢᠳᠮ᠎ᠠ
ᠬᠣᠯᠠ ᠠ᠋ᠴᠠ ᠢᠷᠡᠭᠰᠡᠨ ᠭᠠᠵᠢᠳᠮ᠎ᠠ
ᠡᠨᠡ ᠬᠡᠳᠦ ᠨᠡᠢᠯᠡᠭᠡᠳ
ᠡᠷᠡᠭᠡ ᠴᠡᠭᠡᠷ ᠦᠭᠡᠢ ᠪᠤᠷᠠᠵᠤ
ᠣᠯᠠᠨ ᠬᠥᠮᠦᠨ ᠦ᠌ ᠲᠤᠬᠠᠢ
ᠳᠠᠯᠠᠨ ᠬᠡᠯᠡ ᠪᠡᠨ ᠳᠡᠯᠭᠡᠵᠡᠢ᠃
ᠣᠷᠴᠢᠯᠠᠩ ᠤ᠋ᠨ ᠪᠦᠬᠦ ᠶᠠᠭᠤᠮ᠎ᠠ ᠶ᠋ᠢ
ᠳᠠᠩᠴᠤ ᠦᠯᠡᠳᠡᠭᠡᠯ ᠦᠭᠡᠢ ᠶᠠᠷᠢᠵᠠᠢ᠃
ᠪᠠᠭᠠᠵᠢ ᠶ᠋ᠢᠨ ᠳᠠᠷᠤᠭ᠎ᠠ ᠶ᠋ᠢᠨ ᠠᠪᠠᠭᠠᠢ ᠠ᠋ᠴᠠ
ᠢᠬᠡᠷ᠎ᠡ ᠬᠡᠦᠬᠡᠳ ᠭᠠᠷᠤᠭᠰᠠᠨ ᠢ᠋
ᠪᠠᠳᠮ᠎ᠠ ᠮᠠᠰᠲ᠋ᠧᠷ ᠦ᠋ᠨ ᠥᠬᠢᠨ ᠢ᠋
ᠨᠥᠬᠥᠷ ᠨᠢ ᠬᠠᠶᠠᠭᠠᠳ ᠶᠠᠪᠤᠭᠰᠠᠨ ᠢ᠋
ᠪᠠᠷᠠᠭᠤᠨ ᠠᠢᠯ ᠤ᠋ᠨ ᠵᠢᠪᠵᠠᠮ᠎ᠠ
ᠨᠢᠭᠤᠴᠠ ᠠᠮᠠᠷᠠᠭ ᠲᠠᠢ ᠪᠣᠯᠤᠭᠰᠠᠨ ᠢ᠋
ᠪᠠᠲᠤ ᠶ᠋ᠢᠨ ᠬᠦᠷᠭᠡᠨ ᠲᠠᠮᠴᠠᠢ
ᠨᠤᠷᠮᠠᠢᠵᠤ ᠰᠠᠭᠤᠳᠠᠭ ᠪᠠᠢᠭᠰᠠᠨ ᠢ᠋
ᠲᠠᠯ᠎ᠠ ᠲᠠᠯ᠎ᠠ ᠠ᠋ᠴᠠ ᠱᠤᠤᠭᠢᠯᠳᠤᠨ
ᠬᠡᠳᠦᠨ ᠴᠠᠭ ᠢ᠋ᠶ᠋ᠠᠷ ᠶᠠᠷᠢᠵᠠᠢ᠃
ᠲᠠᠪᠠᠭ ᠲᠠᠢ ᠢᠳᠡᠭᠡ ᠳᠠᠭᠤᠰᠲᠠᠯ᠎ᠠ
ᠬᠡᠨ ᠬᠥᠮᠦᠨ ᠦᠭᠡᠢ ᠬᠠᠭᠤᠴᠢᠯᠠᠵᠠᠢ᠃
ᠠᠷᠭᠠᠲᠠᠢᠬᠠᠨ ᠨᠢᠭᠡ ᠨᠢ
ᠪᠠᠶᠠᠵᠢᠬᠤ ᠰᠠᠨ ᠭᠡᠵᠦ ᠭᠠᠰᠠᠯᠵᠠᠢ᠃
ᠠᠷᠴᠠᠭ᠎ᠠ ᠦᠭᠡᠢᠬᠡᠨ ᠨᠥᠭᠥᠭᠡ ᠨᠢ
ᠪᠠᠢᠳᠠᠭ ᠢ᠋ᠶ᠋ᠠᠨ ᠲᠣᠭᠠᠴᠢᠨ ᠭᠠᠩᠰᠠᠷᠠᠵᠠᠢ᠃
ᠠᠳᠠᠭ ᠰᠡᠭᠦᠯ ᠳ᠋ᠦ᠍ᠨᠢ ᠪᠦᠭᠦᠳᠡᠭᠡᠷ ᠢ᠋ᠶ᠋ᠡᠨ
ᠴᠡᠴᠡ ᠪᠤᠯᠢᠶᠠᠯᠳᠤᠵᠤ ᠦᠵᠡᠵᠡᠢ᠃
ᠠᠮᠠ ᠲᠠᠢ ᠨᠢᠭᠡ ᠨᠢ
ᠰᠡᠩᠬᠡᠷᠡᠭᠦᠯᠬᠦ ᠭᠡᠵᠦ ᠶᠠᠳᠠᠵᠠᠢ᠃
ᠪᠦᠷ ᠰᠡᠭᠦᠯ ᠳ᠋ᠡᠭᠡᠨ ᠲᠡᠳᠡ
ᠬᠠᠮᠤᠭ ᠨᠢᠭᠤᠴᠠ ᠪᠠᠨ ᠳᠡᠯᠭᠡᠨ
ᠪᠦᠬᠦᠯᠢ ᠦᠳᠡᠰᠢ ᠶ᠋ᠢᠨ ᠲᠤᠷᠰᠢ
ᠤᠬᠢᠯᠠᠵᠤ ᠳᠠᠭᠤᠯᠠᠵᠤ ᠭᠠᠷᠴᠠᠢ᠃
ᠰᠥᠨᠢ ᠳᠤᠮᠳᠠ ᠶ᠋ᠢᠨ ᠬᠢᠷᠢ ᠳ᠋ᠦ᠍
ᠰᠡᠭᠦᠷᠡᠰᠦ ᠠᠯᠲᠠᠨ ᠪᠣᠰᠴᠠᠭᠠᠵᠤ
ᠭᠡᠷ ᠭᠡᠷ ᠲᠡᠭᠡᠨ ᠬᠠᠷᠢᠬᠤ ᠪᠠᠷ
ᠭᠡᠨᠡᠳᠲᠡ ᠶᠠᠭᠠᠷᠠᠨ ᠭᠠᠷᠲᠠᠯ᠎ᠠ᠃
ᠬᠣᠲᠠ ᠶ᠋ᠢᠨ ᠬᠥᠯ ᠲᠠᠲᠠᠷᠠᠭᠠᠳ
ᠬᠣᠯᠠ ᠶ᠋ᠢᠨ ᠴᠢᠭᠯᠡᠯ ᠦ᠋ᠨ ᠠᠦ᠋ᠲ᠋ᠣᠪᠦ᠋ᠰ
ᠶᠠᠪᠤᠬᠤ ᠶᠠᠩᠵᠤ ᠦᠭᠡᠢ ᠪᠣᠯᠵᠠᠢ᠃
ᠬᠣᠭᠣᠯᠠ ᠦᠭᠡᠢ ᠣᠷᠬᠢᠭᠰᠠᠨ ᠬᠡᠦᠬᠡᠳ ᠢ᠋ᠶ᠋ᠡᠨ
ᠨᠢᠭᠡ ᠨᠢ ᠶᠠᠷᠢᠭᠠᠳ ᠭᠠᠰᠠᠯᠵᠠᠢ᠃
ᠬᠣᠨᠣᠨ ᠥᠨᠵᠢᠨ ᠬᠠᠷᠢᠭ᠎ᠠ ᠦᠭᠡᠢ ᠭᠡᠳ
ᠨᠥᠭᠥᠭᠡ ᠨᠢ ᠦᠭᠡᠯᠡᠨ ᠭᠡᠮᠰᠢᠵᠡᠢ᠃
ᠶᠠᠷᠢᠶ᠎ᠠ ᠶᠡᠬᠡᠳᠪᠡᠯ ᠶᠠᠷᠰᠢᠭ ᠶᠤᠮ ᠭᠡᠵᠦ
ᠠᠮᠠ ᠠᠮᠠᠨ ᠳ᠋ᠠᠭᠠᠨ ᠱᠤᠤᠭᠢᠵᠠᠢ᠃
ᠶᠠᠪᠠᠭᠠᠨ ᠬᠣᠴᠣᠷᠪᠠᠯ ᠪᠠᠯᠠᠭ ᠶᠤᠮ ᠭᠡᠵᠦ
ᠳᠠᠮ ᠳᠠᠮ ᠳ᠋ᠠᠭᠠᠨ ᠳᠡᠮᠵᠢᠵᠡᠢ᠃

 《 ᠱᠣᠭ ᠬᠣᠱᠣᠩ ᠵᠣᠬᠢᠶᠠᠯ ᠤ᠋ᠨ ᠳᠡᠭᠡᠵᠢ 》 ᠡᠴᠡ ᠬᠠᠭᠤᠯᠪᠠ᠃

 ᠦᠰᠦᠭ ᠠᠮᠢᠯᠠᠭᠤᠯᠤᠭᠰᠠᠨ ᠨᠢ᠄ ᠲᠡᠭᠷᠢ ᠡᠵᠢ
 ᠬᠢᠨᠠᠭ᠍ᠴᠢ : ᠴᠣᠯᠮᠣᠨᠲᠤᠶᠠᠭ᠎ᠠ 

 2023᠂ 10᠂ 21 ᠶ᠋ᠢᠨ ᠡᠳᠦᠷ