ᠡᠭᠡᠷᠡᠦᠯ-ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ1-07ᠤ᠋· ᠰ· ᠬᠥᠭᠵᠢᠯᠲᠦ

ᠡᠭᠡᠷᠡᠦᠯ
ᠡᠭᠡᠷᠡᠦᠯ ᠳ᠋ᠦ᠍ ᠲᠥᠭᠥᠷᠢᠭ ᠡᠭᠡᠷᠡᠦᠯ ᠪᠠ ᠬᠥᠨᠳᠡᠯᠡᠨ ᠡᠭᠡᠷᠡᠦᠯ ᠭᠡᠵᠦ ᠪᠠᠢᠳᠠᠭ᠃ ᠡᠭᠡᠷᠡᠦᠯ ᠢ᠋ᠶ᠋ᠡᠷ ᠨᠣᠣᠰᠣ ᠡᠭᠡᠷᠡᠬᠦ ᠨᠢ ᠨᠣᠣᠰᠣ ᠪᠠᠨ ᠰᠤᠪᠤᠵᠤ ᠡᠭᠡᠷᠡᠦᠯ ᠳᠡᠭᠡᠷ᠎ᠡ ᠡᠴᠡ ᠨᠢ ᠤᠶᠠᠵᠤ᠂ ᠪᠠᠷᠠᠭᠤᠨ ᠭᠠᠷ ᠤ᠋ᠨ ᠡᠷᠡᠬᠡᠢ ᠬᠤᠷᠤᠭᠤ ᠪᠠ ᠳᠣᠯᠢᠶᠠᠪᠤᠷ ᠬᠤᠷᠤᠭᠤ ᠪᠠᠷ ᠢ᠋ᠶ᠋ᠠᠨ ᠡᠭᠡᠷᠡᠦᠯ ᠢ᠋ᠶ᠋ᠡᠨ ᠢᠮᠡᠷᠲᠡᠵᠦ ᠲᠠᠰᠤᠷᠠᠯ ᠦᠭᠡᠢ ᠤᠲᠠᠰᠤ ᠡᠭᠡᠷᠡᠵᠦ ᠤᠲᠠᠰᠤ ᠪᠠᠨ ᠡᠭᠡᠷᠡᠦᠯ ᠦ᠋ᠨ ᠡᠰᠢᠨ ᠳᠡᠭᠡᠷ᠎ᠡ ᠣᠷᠢᠶᠠᠨ᠎ᠠ᠃ ᠢᠩᠭᠢᠵᠦ ᠣᠷᠢᠶᠠᠭᠠᠳ ᠨᠡᠯᠢᠶᠡᠳ ᠶᠡᠬᠡ ᠪᠣᠯᠪᠠᠯ ᠡᠭᠡᠷᠡᠦᠯ ᠦ᠋ᠨ ᠡᠰᠢ ᠪᠡᠨ ᠤᠲᠠᠰᠤᠨ ᠤ᠋ ᠪᠥᠮᠪᠥᠭᠡᠯᠢᠭ ᠡᠴᠡ ᠪᠡᠨ ᠰᠤᠭᠤᠯᠵᠤ ᠠᠪᠳᠠᠭ᠃ ᠡᠢᠮᠦ ᠪᠥᠮᠪᠥᠯᠢᠭ ᠢ᠋ ᠳᠥᠭᠥᠳᠡᠭ ᠭᠡᠳᠡᠭ᠃ ᠡᠭᠡᠷᠡᠭᠰᠡᠨ ᠤᠲᠠᠰᠤ ᠶ᠋ᠢᠨ ᠠᠷᠪᠢᠨ ᠪᠠᠭ᠎ᠠ ᠶ᠋ᠢᠨ ᠲᠣᠭᠠᠨ ᠤ᠋ ᠨᠢᠭᠡᠴᠢ ᠮᠥᠨ᠃ ᠳᠠᠬᠢᠭᠠᠳ ᠡᠨᠡ ᠬᠦ᠌ ᠳᠥᠭᠥᠳᠡᠭ ᠢ᠋ᠶ᠋ᠡᠨ ᠵᠠᠳᠠᠯᠵᠤ ᠬᠣᠶᠠᠷ ᠭᠠᠷ ᠳᠡᠭᠡᠷ᠎ᠡ ᠪᠡᠨ ᠭᠣᠭᠴᠣᠭᠠᠯᠠᠨ ᠣᠷᠢᠶᠠᠵᠤ ᠠᠪᠤᠭᠠᠳ ᠨᠢᠭᠡ ᠲᠠᠯ᠎ᠠ ᠶ᠋ᠢ ᠨᠢ ᠬᠠᠢᠴᠢᠯᠠᠵᠤ ᠲᠠᠰᠤᠯᠠᠭᠠᠳ ᠠᠳᠠᠯᠢᠬᠠᠨ ᠤᠷᠲᠤ ᠣᠯᠠᠨ ᠤᠲᠠᠰᠤ ᠪᠣᠯᠭᠠᠵᠤ ᠵᠠᠷᠤᠨ᠎ᠠ᠃ ᠡᠭᠦᠨ ᠢ᠋ ᠨᠢᠭᠡ ᠭᠣᠭᠴᠣᠭ᠎ᠠ ᠤᠲᠠᠰᠤ ᠭᠡᠳᠡᠭ᠃ ᠪᠠᠭᠠᠷᠢᠨ ᠲᠡᠨᠢᠭᠡᠷ ᠦ᠋ᠨ ᠡᠭᠡᠷᠡᠦᠯ ᠪᠣᠯ ᠭᠣᠴᠣ ᠰᠠᠢᠬᠠᠨ ᠪᠠᠢᠳᠠᠭ ᠪᠥᠭᠡᠳ ᠬᠠᠳᠠᠭᠠᠯᠠᠵᠤ ᠥᠪᠯᠡᠵᠦ ᠪᠣᠯᠬᠤᠢᠴᠠ ᠨᠠᠨᠳᠢᠨ ᠰᠠᠢᠬᠠᠨ ᠡᠳ᠋ ᠦᠯᠦᠭ ᠶᠦᠮ᠃
ᠴᠡᠭᠡᠷ ᠦᠭᠡ᠄ ᠡᠭᠡᠷᠡᠦᠯ ᠢ᠋ᠶ᠋ᠡᠷ ᠨᠠᠭᠠᠳᠪᠠᠯ ᠲᠡᠨᠡᠭ ᠪᠣᠯᠤᠨ᠎ᠠ᠃ ᠡᠭᠡᠷᠡᠦᠯ ᠦ᠋ᠨ ᠡᠰᠢ ᠪᠡᠷ ᠨᠢᠳᠦ ᠠᠮᠠ ᠪᠠᠨ ᠴᠢᠴᠢᠬᠦ ᠡᠴᠡ ᠬᠡᠷᠰᠡᠦᠯᠡᠭᠰᠡᠨ ᠴᠡᠭᠡᠷ ᠦᠭᠡ ᠶᠦᠮ᠃
—《ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ》 ᠭᠡᠬᠦ ᠨᠣᠮ ᠠ᠋ᠴᠠ
— ᠵᠣᠬᠢᠶᠠᠭᠴᠢ ᠶ᠋ᠢᠨ· ᠰ· ᠬᠥᠭᠵᠢᠯᠲᠦ ᠵᠣᠷᠢᠭᠲᠤ
ᠦᠰᠦᠭ ᠠᠮᠢᠯᠠᠭᠤᠯᠤᠭᠴᠢ᠄ ᠤᠳᠤᠨᠲᠤᠶᠠᠭ᠎ᠠ
ᠬᠢᠨᠠᠭᠴᠢ᠄ ᠵ · ᠪᠤᠶᠠᠨᠲᠣᠭᠲᠠᠬᠤ
