ᠦᠲᠦᠷᠮ᠎ᠡ ᠶ᠋ᠢᠨ ᠪᠤᠯᠤ-ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ1-06ᠤ᠋· ᠰ· ᠬᠥᠭᠵᠢᠯᠲᠦ

ᠦᠲᠦᠷᠮ᠎ᠡ ᠶ᠋ᠢᠨ ᠪᠤᠯᠤ(1)
ᠮᠣᠩᠭᠣᠯᠴᠤᠳ ᠡᠷᠲᠡ ᠳ᠋ᠦ᠍ ᠪᠡᠨ ᠨᠡᠭᠦᠳᠡᠯ ᠮᠠᠯᠵᠢᠯ ᠤ᠋ᠨ ᠨᠥᠬᠥᠴᠡᠯ ᠪᠣᠯᠤᠯᠴᠠᠭ᠎ᠠ᠂ ᠠᠭᠤᠷ ᠠᠮᠢᠰᠬᠤᠯ ᠳ᠋ᠤ᠌ ᠲᠣᠬᠢᠷᠠᠯᠴᠠᠬᠤ ᠤᠯᠠᠭᠠᠨ ᠪᠤᠳᠠᠭ᠎ᠠ᠂ ᠰᠠᠭᠠᠭ᠂ ᠰᠢᠯᠦᠬᠡᠢ ᠵᠡᠷᠭᠡ ᠡᠷᠲᠡ ᠪᠣᠯᠪᠠᠰᠤᠷᠠᠳᠠᠭ ᠠᠮᠤ ᠲᠠᠷᠢᠶ᠎ᠠ ᠶ᠋ᠢ《 ᠠᠳᠤᠭᠤᠨ ᠬᠥᠯ ᠢ᠋ᠶ᠋ᠡᠷ ᠲᠠᠷᠢᠵᠤ᠂ ᠦᠬᠡᠷ ᠦ᠋ᠨ ᠬᠥᠯ ᠢ᠋ᠶ᠋ᠡᠷ ᠬᠤᠷᠢᠶᠠᠳᠠᠭ》 ᠪᠠᠢᠭᠰᠠᠨ ᠮᠥᠷᠲᠡᠭᠡᠨ ᠲᠤᠰᠬᠠᠢᠵᠢᠭᠰᠠᠨ ᠪᠠᠭᠠᠵᠢ ᠵᠡᠪᠰᠡᠭ ᠢ᠋ ᠴᠤ᠌ ᠬᠡᠷᠡᠭᠯᠡᠵᠦ ᠪᠠᠢᠪᠠ᠃ ᠡᠭᠦᠨ ᠳ᠋ᠦ᠍ ᠦᠲᠦᠷᠮ᠎ᠡ ᠶ᠋ᠢᠨ ᠪᠤᠯᠤ ᠪᠣᠯ ᠲᠤᠩ ᠶᠡᠬᠡ ᠤᠬᠠᠭᠠᠨ ᠰᠤᠤ ᠲᠠᠢ ᠡᠳ᠋ ᠶᠦᠮ᠃ ᠶᠠᠭᠤᠨ ᠤ᠋ ᠡᠮᠦᠨ᠎ᠡ᠂ ᠠᠳᠠᠯᠢ ᠪᠤᠰᠤ ᠬᠦᠷᠢᠶᠡᠨ ᠦ᠌ ᠤᠷᠲᠤ ᠶ᠋ᠢ ᠠᠰᠢᠭᠯᠠᠵᠤ ᠪᠤᠯᠤ ᠭᠣᠣᠯ ᠤᠷᠤᠭᠤ ᠪᠠᠨ ᠬᠣᠮᠣᠷᠢᠯᠳᠤᠬᠤ ᠠᠰᠠᠭᠤᠳᠠᠯ ᠢ᠋ ᠰᠢᠢᠳᠪᠦᠷᠢᠯᠡᠪᠡ᠃ ᠮᠣᠩᠭᠣᠯᠴᠤᠳ ᠨᠢᠭᠡ ᠦᠵᠦᠭᠦᠷ ᠨᠢ ᠪᠦᠳᠦᠭᠦᠨ᠂ ᠨᠢᠭᠡ ᠦᠵᠦᠭᠦᠷ ᠨᠢ ᠨᠠᠷᠢᠨ ᠰᠢᠭ᠋ ᠦᠲᠦᠷᠮ᠎ᠡ ᠶ᠋ᠢᠨ ᠪᠤᠯᠤ ᠵᠠᠷᠤᠳᠠᠭ᠃ ᠲᠡᠭᠡᠪᠡᠯ ᠪᠤᠯᠤ ᠶᠠᠪᠤᠭᠤᠯᠬᠤ ᠳ᠋ᠤ᠌ ᠨᠠᠷᠢᠨ ᠪᠦᠳᠦᠭᠦᠨ ᠦᠵᠦᠭᠦᠷ ᠦ᠋ᠨ ᠠᠯᠢ ᠨᠢ ᠳᠣᠲᠣᠷ᠎ᠠ ᠲᠠᠯ᠎ᠠ ᠳ᠋ᠤ᠌ ᠨᠢ᠂ ᠠᠯᠢ ᠨᠢ ᠭᠠᠳᠠᠷ ᠲᠠᠯ᠎ᠠ ᠳ᠋ᠤ᠌ ᠨᠢ ᠣᠷᠣᠳᠠᠭ ᠪᠣᠢ? ᠡᠨᠡ ᠪᠣᠯ ᠨᠢᠭᠡ ᠶᠣᠰᠣᠨ ᠤ᠋ ᠲᠤᠷᠰᠢᠯᠭ᠎ᠠ ᠶ᠋ᠢᠨ ᠣᠨᠣᠯ ᠶᠤᠮ᠃ ᠦᠲᠦᠷᠮ᠎ᠡ ᠳᠠᠷᠤᠬᠤ ᠳ᠋ᠤ᠌ ᠬᠥᠯᠪᠦᠷᠢ ᠶ᠋ᠢᠨ ᠤᠷᠲᠤ ᠳᠡᠭᠡᠰᠦ ᠣᠷᠣᠰᠢᠬᠤ ᠶ᠋ᠢᠨ ᠤᠴᠢᠷ ᠠ᠋ᠴᠠ ᠪᠤᠯᠤ ᠪᠠ ᠤᠨᠤᠭᠠᠨ ᠤ᠋ ᠬᠣᠭᠣᠷᠣᠨᠳᠣ ᠨᠤᠮᠤᠯᠵᠢᠨ ᠵᠠᠮ ᠪᠠ ᠠᠰ ᠬᠦᠴᠦᠨ ᠦ᠌ ᠦᠢᠯᠡᠴᠢᠯᠡᠯ ᠦ᠋ᠨ ᠵᠠᠢ ᠣᠷᠣᠰᠢᠳᠠᠭ᠃ ᠡᠢᠮᠦ ᠪᠠᠢᠳᠠᠯ ᠳ᠋ᠤ᠌ ᠬᠣᠶᠠᠷ ᠦᠵᠦᠭᠦᠷ ᠨᠢ ᠲᠡᠭᠰᠢ ᠪᠤᠯᠤ ᠵᠠᠷᠤᠬᠤ ᠪᠠᠷ ᠵᠢᠱ᠌ᠢᠶᠡᠯᠡᠵᠦ ᠪᠣᠳᠣᠬᠤ ᠳ᠋ᠤ᠌᠂ ᠲᠣᠭᠣᠷᠢᠭ ᠬᠥᠳᠡᠯᠭᠡᠭᠡᠨ ᠬᠢᠬᠦ ᠳ᠋ᠦ᠍ ᠴᠢᠯᠠᠭᠤᠨ ᠪᠤᠯᠤ ᠨᠢ ᠶᠡᠷᠦ ᠨᠢ ᠤᠨᠤᠭᠠᠨ ᠤ᠋ ᠪᠠᠨ ᠶᠠᠪᠤᠭᠰᠠᠨ ᠵᠠᠮ ᠢ᠋ ᠮᠥᠷᠳᠡᠵᠦ( ᠳᠠᠳᠬᠠᠯ ᠢ᠋ᠶ᠋ᠠᠷ ᠴᠠᠭ ᠤ᠋ᠨ ᠵᠡᠭᠦᠦ ᠶ᠋ᠢᠨ ᠴᠢᠭᠯᠡᠯ ᠲᠡᠢ ᠡᠰᠡᠷᠭᠦ)᠂ ᠳᠡᠪᠢᠰᠦᠭᠰᠡᠨ ᠡᠰᠢ ᠰᠦᠷᠡᠯ ᠦ᠋ᠨ ᠭᠣᠣᠯᠳᠠᠴᠢ ᠱᠤᠭᠤᠮ ᠢ᠋ᠶ᠋ᠠᠷ ᠳᠠᠷᠤᠵᠤ ᠭᠦᠶᠦᠬᠦ ᠦᠭᠡᠢ ᠶᠦᠮ᠃ ᠬᠠᠷᠢᠨ ᠡᠰᠡᠷᠭᠦ ᠪᠡᠷ ᠠᠰ ᠬᠦᠴᠦᠨ ᠦ᠌ ᠦᠢᠯᠡᠴᠢᠯᠡᠯ ᠳᠣᠣᠷ᠎ᠠ ᠪᠤᠯᠤ ᠶ᠋ᠢᠨ ᠲᠣᠭᠣᠷᠢᠭ ᠬᠥᠳᠡᠯᠭᠡᠭᠡᠨ ᠦ᠌ ᠬᠦᠷᠢᠶᠡᠨ ᠦ᠌ ᠤᠷᠲᠤ ᠨᠢ ᠤᠨᠤᠭᠠᠨ ᠤ᠋ ᠶᠠᠪᠤᠭᠰᠠᠨ ᠲᠣᠭᠣᠷᠢᠭ ᠬᠥᠳᠡᠯᠭᠡᠭᠡᠨ ᠦ᠌ ᠬᠦᠷᠢᠶᠡᠨ ᠦ᠌ ᠤᠷᠲᠤ ᠠ᠋ᠴᠠ ᠪᠠᠭ᠎ᠠ ᠪᠣᠯᠵᠤ᠂ ᠳᠡᠪᠢᠰᠦᠭᠰᠡᠨ ᠲᠠᠷᠢᠶᠠᠨ ᠰᠦᠷᠡᠯ ᠦ᠋ᠨ ᠲᠣᠭᠣᠷᠢᠭ ᠳᠡᠪᠢᠰᠬᠡᠷ ᠳᠡᠭᠡᠭᠦᠷ ᠭᠦᠶᠦᠬᠦ ᠪᠢᠰᠢ᠂ ᠬᠠᠷᠢᠨ ᠡᠨᠡ ᠬᠦ᠌ ᠲᠣᠭᠣᠷᠢᠭ ᠤ᠋ᠨ ᠳᠣᠲᠣᠷ᠎ᠠ ᠬᠥᠪᠡᠭᠡ ᠶ᠋ᠢ ᠳᠠᠭᠠᠵᠤ ᠭᠦᠶᠦᠭᠡᠳ ᠪᠤᠯᠤᠳᠠᠵᠤ ᠳᠡᠢᠯᠬᠦ ᠦᠭᠡᠢ ᠪᠠᠢᠳᠠᠭ᠃ ᠭᠡᠲᠡᠯ᠎ᠡ ᠰᠡᠷᠭᠦᠯᠡᠩ ᠤᠬᠠᠭᠠᠨ ᠲᠠᠢ ᠴᠢᠯᠠᠭᠤᠨ ᠳᠠᠷᠬᠠᠳ ᠮᠢᠨᠢ ᠪᠥᠭᠡᠷᠡᠩᠬᠡᠢ ᠪᠠᠭᠠᠨ᠎ᠠ ᠬᠡᠯᠪᠡᠷᠢ ᠲᠡᠢ ᠪᠤᠯᠤ ᠪᠠᠨ ᠱᠠᠲᠤᠯᠵᠢᠨ ᠤ᠋ ᠲᠠᠭᠠᠷᠢᠳᠠᠰᠤ ᠰᠢᠭ᠋ ᠨᠢᠭᠡ ᠦᠵᠦᠭᠦᠷ ᠢ᠋ ᠨᠢ ᠨᠠᠷᠢᠨ ᠰᠢᠭ᠋᠂ ᠨᠢᠭᠡ ᠦᠵᠦᠭᠦᠷ ᠢ᠋ ᠨᠢ ᠪᠦᠳᠦᠭᠦᠨ ᠬᠢᠭᠡᠳ ᠡᠨᠡ ᠬᠦ᠌ ᠲᠦᠪᠡᠭ ᠠᠰᠠᠭᠤᠳᠠᠯ ᠢ᠋ ᠰᠢᠢᠳᠪᠦᠷᠢᠯᠡᠭᠰᠡᠨ ᠶᠦᠮ᠃ ᠦᠲᠦᠷᠮ᠎ᠡ ᠪᠤᠯᠤᠳᠠᠬᠤ ᠳ᠋ᠤ᠌ ᠪᠠᠨ ᠮᠠᠯᠴᠢᠳ ᠪᠤᠯᠤ ᠶ᠋ᠢᠨ ᠢ᠋ᠶ᠋ᠡᠨ ᠪᠦᠳᠦᠭᠦᠨ ᠦᠵᠦᠭᠦᠷ ᠢ᠋ ᠨᠢ ᠳᠣᠲᠣᠭᠰᠢ᠂ ᠨᠠᠷᠢᠨ ᠦᠵᠦᠭᠦᠷ ᠢ᠋ ᠨᠢ ᠭᠠᠳᠠᠭᠰᠢ ᠬᠠᠷᠠᠭᠤᠯᠵᠤ ᠵᠠᠷᠤᠳᠠᠭ᠃ ᠤᠴᠢᠷ ᠨᠢ ᠳᠣᠲᠣᠷ᠎ᠠ ᠲᠠᠯ᠎ᠠ ᠳ᠋ᠤ᠌ ᠨᠢ ᠣᠷᠣᠭᠰᠠᠨ ᠪᠦᠳᠦᠭᠦᠨ ᠦᠵᠦᠭᠦᠷ ᠦ᠋ᠨ ᠬᠦᠷᠢᠶᠡᠨ ᠦ᠌ ᠤᠷᠲᠤ ᠨᠢ ᠶᠡᠬᠡ᠂ ᠪᠥᠮᠪᠥᠷᠢᠬᠦ ᠵᠠᠮ ᠨᠢ ᠤᠷᠲᠤ᠂ ᠭᠠᠳᠠᠷ ᠲᠠᠯ᠎ᠠ ᠳ᠋ᠤ᠌ ᠨᠢ ᠣᠷᠣᠭᠰᠠᠨ ᠨᠠᠷᠢᠨ ᠦᠵᠦᠭᠦᠷ ᠦ᠋ᠨ ᠬᠢᠨᠢ ᠬᠦᠷᠢᠶᠡᠨ ᠦ᠌ ᠤᠷᠲᠤ ᠨᠢ ᠪᠠᠭ᠎ᠠ᠂ ᠪᠥᠮᠪᠥᠷᠢᠬᠦ ᠵᠠᠮ ᠨᠢ ᠣᠬᠣᠷ ᠲᠤᠯᠠ ᠪᠤᠯᠤ ᠪᠥᠮᠪᠥᠷᠢᠪᠡᠯ ᠯᠠᠪᠲᠠᠢ ᠴᠠᠭ ᠤ᠋ᠨ ᠵᠡᠭᠦᠦ ᠶ᠋ᠢᠨ ᠴᠢᠭᠯᠡᠯ ᠳᠠᠭᠠᠤ ᠳᠥᠯᠭᠡᠨ ᠰᠢᠭ ᠮᠤᠷᠤᠢᠬᠤ ᠲᠣᠭᠣᠷᠢᠭ ᠬᠥᠳᠡᠯᠭᠡᠭᠡᠨ ᠬᠢᠬᠦ ᠶᠦᠮ᠃ ᠡᠨᠡ ᠪᠠᠢᠳᠠᠯ ᠳᠣᠣᠷ᠎ᠠ ᠴᠠᠭ ᠤ᠋ᠨ
ᠵᠡᠭᠦᠦ ᠶ᠋ᠢᠨ ᠡᠰᠡᠷᠭᠦ ᠴᠢᠭᠯᠡᠯ ᠳᠠᠭᠠᠤ ᠠᠰ ᠴᠢᠭᠯᠡᠯ ᠢ᠋ᠶ᠋ᠡᠷ ᠲᠠᠲᠠᠬᠤ ᠬᠦᠴᠦ( ᠤᠨᠤᠭᠠᠨ ᠤ᠋ ᠬᠦᠴᠦ) ᠨᠢ ᠭᠠᠳᠠᠭᠰᠢ ᠳᠠᠯᠵᠢᠢᠵᠤ ᠪᠥᠮᠪᠥᠷᠢᠬᠦ ᠪᠤᠯᠤ ᠶ᠋ᠢᠨ ᠬᠥᠳᠡᠯᠭᠡᠭᠡᠨ ᠢ᠋ ᠳᠣᠲᠣᠭᠰᠢ ᠵᠠᠯᠠᠵᠤ᠂ ᠬᠣᠶᠠᠷ ᠬᠦᠴᠦ ᠬᠠᠷᠢᠯᠴᠠᠨ ᠦᠢᠯᠡᠳᠦᠯ ᠦᠵᠡᠭᠦᠯᠦᠭᠡᠳ ᠰᠦᠷᠡᠯ ᠳᠡᠪᠢᠰᠦᠭᠰᠡᠨ ᠲᠣᠭᠣᠷᠢᠭ ᠳᠡᠭᠡᠭᠦᠷ ᠶᠠᠪᠤᠵᠤ ᠳᠡᠢᠯᠬᠦ ᠨᠡᠢᠯᠡᠮᠡᠯ ᠬᠦᠴᠦ ᠪᠣᠯᠭᠠᠵᠤ᠂ ᠪᠤᠯᠤ ᠶ᠋ᠢᠨ ᠭᠣᠣᠯ ᠵᠦᠭ ᠢ᠋ᠶ᠋ᠡᠨ ᠬᠣᠮᠣᠷᠢᠯᠳᠤᠵᠤ ᠪᠤᠳᠠᠭᠠᠨ ᠰᠦᠷᠡᠯ ᠢ᠋ᠶ᠋ᠡᠨ ᠳᠠᠷᠤᠵᠤ ᠴᠢᠳᠠᠬᠤ ᠦᠭᠡᠢ ᠪᠣᠯᠳᠠᠭ ᠦᠵᠡᠭᠳᠡᠯ ᠢ᠋ ᠲᠡᠪᠴᠢᠵᠦ ᠴᠢᠳᠠᠵᠠᠢ᠃ ᠬᠣᠶᠠᠷ ᠳᠦ᠂ ᠠᠳᠠᠯᠢ ᠪᠤᠰᠤ ᠬᠦᠷᠢᠶᠡᠨ ᠦ᠌ ᠤᠷᠲᠤ ᠨᠢ ᠪᠤᠯᠤ ᠶ᠋ᠢᠨ ᠪᠤᠳᠠᠭ᠎ᠠ ᠤᠨᠠᠭᠠᠬᠤ ᠴᠢᠳᠠᠮᠵᠢ ᠶ᠋ᠢ ᠰᠠᠢᠵᠢᠷᠠᠭᠤᠯᠵᠠᠢ᠃ ᠡᠩ ᠦ᠋ᠨ ᠪᠠᠢᠳᠠᠯ ᠳᠣᠣᠷ᠎ᠠ ᠪᠥᠭᠡᠷᠡᠩᠬᠡᠢ ᠪᠠᠭᠠᠨ᠎ᠠ ᠪᠡᠶᠡᠲᠦ ᠨᠢ ᠨᠢᠭᠡ ᠴᠢᠭ ᠢ᠋ᠶ᠋ᠡᠷ ᠲᠥᠪ ᠪᠣᠯᠭᠠᠨ ᠲᠣᠭᠣᠷᠢᠭ ᠬᠥᠳᠡᠯᠭᠡᠭᠡᠨ ᠬᠢᠵᠦ ᠪᠥᠮᠪᠥᠷᠢᠯᠳᠦᠬᠦ ᠳ᠋ᠦ᠍ ᠬᠣᠶᠠᠷ ᠦᠵᠦᠭᠦᠷ ᠦ᠋ᠨ ᠬᠢᠨᠢ ᠶᠠᠪᠤᠬᠤ ᠵᠠᠮ ᠤ᠋ᠨ ᠤᠷᠲᠤ ᠨᠢ ᠠᠳᠠᠯᠢ ᠦᠭᠡᠢ ᠡᠴᠡ ᠪᠣᠯᠤᠭᠠᠳ ᠳᠣᠲᠣᠷ᠎ᠠ ᠦᠵᠦᠭᠦᠷ ᠨᠢ ᠨᠢᠳᠡᠷᠡᠵᠦ ᠡᠷᠭᠢᠯᠳᠦᠬᠦ ᠨᠢ ᠡᠩ ᠦ᠋ᠨ ᠦᠵᠡᠭᠳᠡᠯ ᠶᠦ᠍ᠮ᠃ ᠭᠡᠪᠡᠴᠦ ᠦᠲᠦᠷᠮ᠎ᠡ ᠶ᠋ᠢᠨ ᠪᠤᠯᠤ ᠶ᠋ᠢᠨ ᠪᠦᠳᠦᠭᠦᠨ ᠦᠵᠦᠭᠦᠷ ᠢ᠋ ᠳᠣᠲᠣᠷ᠎ᠠ ᠲᠠᠯ᠎ᠠ ᠳ᠋ᠤ᠌ ᠨᠢ ᠣᠷᠣᠭᠤᠯᠵᠤ ᠵᠠᠷᠤᠭᠰᠠᠨ ᠠ᠋ᠴᠠ ᠳᠡᠭᠡᠷ᠎ᠡ ᠬᠡᠯᠡᠭᠰᠡᠨ ᠨᠢᠳᠡᠷᠡᠵᠦ ᠡᠷᠭᠢᠯᠳᠦᠬᠦ ᠦᠵᠡᠭᠳᠡᠯ ᠨᠢ ᠤᠯᠠᠮ ᠴᠢᠩᠭ᠎ᠠ᠂ ᠤᠯᠠᠮ ᠬᠦᠴᠦ ᠲᠡᠢ ᠪᠣᠯᠵᠤ ᠪᠤᠳᠠᠭ᠎ᠠ ᠤᠨᠠᠭᠠᠬᠤ ᠴᠢᠳᠠᠮᠵᠢ ᠨᠢ ᠤᠯᠠᠮ ᠰᠠᠢᠨ ᠪᠣᠯᠵᠠᠢ᠃
ᠦᠲᠦᠷᠮ᠎ᠡ ᠶ᠋ᠢᠨ ᠪᠤᠯᠤ(2)
ᠦᠲᠦᠷᠮ᠎ᠡ ᠶ᠋ᠢᠨ ᠪᠤᠯᠤ ᠳ᠋ᠤ᠌ ᠬᠣᠶᠠᠷ ᠦᠵᠦᠭᠦᠷ ᠵᠦᠭ ᠢ᠋ᠶ᠋ᠡᠨ ᠱᠤᠪᠲᠤᠩ ᠵᠤᠤᠪᠠᠩ ᠬᠡᠯᠪᠡᠷᠢ ᠲᠡᠢ ᠪᠤᠯᠤ ᠪᠠᠰᠠ ᠪᠠᠢᠳᠠᠭ᠃ ᠡᠢᠮᠦ ᠪᠤᠯᠤ ᠨᠢ ᠠᠰ ᠬᠦᠴᠦᠨ ᠦ᠌ ᠦᠢᠯᠡᠴᠢᠯᠡᠯ ᠳᠣᠣᠷ᠎ᠠ ᠦᠲᠦᠷᠮ᠎ᠡ ᠶ᠋ᠢᠨ ᠭᠣᠣᠯ ᠵᠦᠭ ᠢ᠋ᠶ᠋ᠡᠨ ᠬᠣᠮᠣᠷᠢᠯᠳᠤᠬᠤ ᠠ᠋ᠴᠠ ᠰᠡᠷᠭᠡᠢᠯᠡᠵᠦ᠂ ᠮᠠᠯᠴᠢᠳ ᠮᠢᠨᠢ ᠳᠣᠲᠣᠷ᠎ᠠ ᠲᠠᠯ᠎ᠠ ᠶ᠋ᠢᠨ ᠬᠥᠯᠪᠦᠷᠢ ᠳᠡᠭᠡᠰᠦ ᠶ᠋ᠢ ᠨᠢ ᠣᠬᠣᠷ ᠪᠣᠯᠭᠠᠨ ᠰᠠᠭᠠᠵᠤ ᠦᠲᠦᠷᠮ᠎ᠡ ᠳᠠᠷᠤᠬᠤ ᠲᠣᠭᠣᠷᠢᠭ ᠬᠥᠳᠡᠯᠭᠡᠭᠡᠨ ᠢ᠋ ᠴᠢᠯᠠᠭᠤᠨ ᠪᠤᠯᠤ ᠨᠢ ᠭᠠᠳᠠᠭᠰᠢ ᠳᠠᠯᠵᠢᠢᠵᠤ ᠶᠠᠪᠤᠭᠠᠳ᠂ ᠤᠨᠤᠭ᠎ᠠ ᠨᠢ ᠳᠣᠲᠣᠭᠰᠢ ᠬᠤᠮᠢᠵᠤ ᠲᠠᠲᠠᠬᠤ ᠪᠠᠢᠳᠠᠯ ᠳ᠋ᠤ᠌ ᠣᠷᠣᠭᠤᠯᠵᠤ᠂ ᠡᠭᠦᠨ ᠦ᠌ ᠤᠯᠠᠮ ᠠ᠋ᠴᠠ ᠪᠤᠯᠤ ᠨᠢ ᠤᠨᠤᠭᠠᠨ ᠤ᠋ ᠬᠣᠢᠨ᠎ᠠ ᠠ᠋ᠴᠠ ᠲᠠᠷᠢᠶᠠᠨ ᠰᠦᠷᠡᠯ ᠦ᠋ᠨ ᠳᠡᠭᠡᠭᠦᠷ ᠶᠠᠪᠤᠵᠤ ᠴᠢᠳᠠᠬᠤ ᠪᠣᠯᠭᠠᠵᠤ᠂ ᠪᠤᠯᠤ ᠳᠣᠲᠣᠭᠰᠢ ᠬᠣᠮᠣᠷᠢᠯᠳᠤᠬᠤ ᠲᠦᠪᠡᠭ ᠢ᠋ ᠰᠢᠢᠳᠪᠦᠷᠢᠯᠡᠵᠦ ᠴᠢᠳᠠᠵᠠᠢ᠃
—《 ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠯᠡᠯ ᠵᠢᠴᠢ ᠲᠡᠭᠦᠨ ᠦ᠌ ᠤᠬᠠᠭᠠᠨ》 ᠭᠡᠬᠦ ᠨᠣᠮ ᠠ᠋ᠴᠠ
— ᠵᠣᠬᠢᠶᠠᠭᠴᠢ᠄ ᠶ᠋ᠢᠨ· ᠰ· ᠬᠥᠭᠵᠢᠯᠲᠦ ᠵᠣᠷᠢᠭᠲᠤ
ᠦᠰᠦᠭ ᠠᠮᠢᠯᠠᠭᠤᠯᠤᠭᠴᠢ᠄ ᠱᠠᠭᠰᠠᠯ
ᠬᠢᠨᠠᠭᠴᠢ᠄ ᠲᠤᠶᠠᠭ᠎ᠠ
