ᠪᠤᠷᠬᠠᠨ ᠵᠢᠯᠣᠭᠣᠴᠢ – ᠰ ᠂ ᠳᠤᠯᠮ᠎ᠠ Бурхан жолооч – С ᠂ Дулам
ᠪᠤᠷᠬᠠᠨ ᠵᠢᠯᠣᠭᠣᠴᠢ
ᠰ᠂ ᠳᠤᠯᠮ᠎ᠠ
( ᠱᠣᠭ ᠰᠢᠯᠦᠭ )
《 ᠪᠤᠷᠬᠠᠨ》 ᠵᠢᠯᠣᠭᠣᠴᠢ ᠶ᠋ᠢ ᠦᠵᠡᠭᠳᠡᠪᠡᠯ
ᠪᠠᠭᠤᠭᠠᠳ ᠮᠣᠷᠳᠠ ᠭᠡᠭᠡᠷᠡᠢ᠃
ᠪᠤᠯᠠᠭ ᠦ᠋ᠨ ᠡᠬᠢᠨ ᠳ᠋ᠤ᠌ ᠭᠡᠭᠡᠴᠢᠭᠡᠭᠰᠡᠨ
ᠪᠤᠷᠠᠨᠲᠠᠭ ᠶ᠋ᠢᠠᠨ ᠮᠠᠰᠢᠨ ᠶ᠋ᠢᠠᠷ ᠡᠷᠢᠶ᠎ᠡ᠃
《 ᠪᠤᠷᠬᠠᠨ》 ᠵᠢᠯᠣᠭᠣᠴᠢ ᠶ᠋ᠢ ᠢᠷᠡᠬᠦᠯᠡᠷ
ᠪᠤᠴᠠᠭᠠᠳ ᠶᠠᠪᠤ ᠭᠡᠵᠦ ᠬᠡᠯᠡᠭᠡᠷᠡᠢ᠃
ᠪᠤᠤᠵᠠᠨ ᠳ᠋ᠤ᠌ ᠬᠣᠯᠢᠬᠤ ᠰᠠᠷᠢᠮᠰᠠᠭ ᠶ᠋ᠢᠠᠨ
ᠪᠠᠭᠤᠴᠠᠨ ᠳᠡᠭᠡᠷ᠎ᠡ ᠪᠡᠨ ᠮᠠᠷᠲᠠᠴᠢᠬᠠᠵᠠᠢ᠃
《 ᠪᠤᠷᠬᠠᠨ》 ᠵᠢᠯᠣᠭᠣᠴᠢ ᠶ᠋ᠢ ᠳᠠᠶ᠋ᠢᠯᠠᠬᠤ ᠳ᠋ᠠᠭᠠᠨ
ᠪᠤᠵᠠᠭᠠᠢ ᠣᠬᠢ ᠪᠠᠨ ᠭᠠᠷᠭᠠᠭᠠᠷᠠᠢ᠃
ᠪᠤᠰᠤ ᠢᠳᠡᠭᠡ ᠠᠮᠰᠠᠭᠤᠯᠪᠠᠯ
《 ᠪᠤᠭ》 ᠵᠠᠩ ᠶ᠋ᠢᠠᠨ ᠭᠠᠷᠭᠠᠨ᠎ᠠ ᠰᠢᠦ᠃
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ
ᠬᠢᠨᠠᠭ᠍ᠴᠢ : ᠲᠤᠭ᠍ᠴᠢ ᠰᠠᠷᠠᠨ᠎ᠠ
2023᠂ 10᠂ 18 ᠤ ᠡᠳᠦᠷ
