ᠠᠷᠠᠰᠤ ᠬᠠᠲᠠᠭᠰᠠᠨ ᠴᠠᠨ᠎ᠠ-ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ1-05ᠤ᠋· ᠰ· ᠬᠥᠭᠵᠢᠯᠲᠦ ᠡᠳ᠋ᠯᠡᠯ ᠬᠡᠷᠡᠭᠰᠡᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠠᠰᠤ ᠬᠠᠲᠠᠭᠰᠠᠨ ᠴᠠᠨ᠎ᠠ-ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ1-05ᠤ᠋· ᠰ· ᠬᠥᠭᠵᠢᠯᠲᠦ

ᠠᠷᠠᠰᠤ ᠬᠠᠲᠠᠭᠰᠠᠨ ᠴᠠᠨ᠎ᠠ-ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ1-05ᠤ᠋· ᠰ· ᠬᠥᠭᠵᠢᠯᠲᠦ

2023-11-01

456

ᠠᠷᠠᠰᠤ ᠬᠠᠲᠠᠭᠰᠠᠨ ᠴᠠᠨ᠎ᠠ

   ᠠᠷᠠᠰᠤ ᠬᠠᠲᠠᠭᠰᠠᠨ ᠴᠠᠨ᠎ᠠ ᠶ᠋ᠢ ᠠᠯᠲᠠᠢ ᠮᠣᠩᠭᠣᠯᠴᠤᠳ ᠡᠯᠪᠡᠭ ᠬᠡᠷᠡᠭᠯᠡᠳᠡᠭ ᠶᠦᠮ᠃ ᠳᠡᠯᠡᠬᠡᠢ ᠶ᠋ᠢᠨ ᠡᠷᠳᠡᠮᠲᠡᠳ ᠠᠯᠲᠠᠢ ᠬᠣᠲᠠ ᠶ᠋ᠢᠨ ᠬᠠᠨᠳᠠᠭᠠᠢᠲᠤ ᠰᠢᠶᠠᠩ ᠤ᠋ᠨ ᠳᠤᠮᠳᠠᠪᠤᠯᠠᠭ ᠲᠣᠰᠬᠣᠨ ᠤ᠋ ᠬᠠᠳᠠᠨ ᠵᠢᠷᠤᠭ ᠢ᠋ ᠰᠢᠨᠵᠢᠯᠡᠭᠡᠳ ᠬᠥᠮᠦᠨ ᠲᠥᠷᠥᠯᠬᠢᠲᠡᠨ ᠦ᠌ ᠴᠠᠰᠤᠨ ᠳ᠋ᠤ᠌ ᠭᠤᠯᠭᠤᠬᠤ ᠬᠥᠳᠡᠯᠭᠡᠭᠡᠨ ᠬᠠᠮᠤᠭ ᠡᠷᠲᠡ ᠠᠯᠲᠠᠢ ᠣᠷᠣᠨ ᠠ᠋ᠴᠠ ᠡᠭᠦᠰᠴᠦ ᠧᠦ᠋ᠷᠣᠫᠠ ᠪᠠ ᠠᠮᠧᠷᠢᠺᠠ ᠳ᠋ᠤ᠌ ᠤᠯᠠᠮᠵᠢᠯᠠᠯ᠎ᠠ ᠭᠡᠵᠦ ᠪᠠᠲᠤᠯᠠᠪᠠ᠃ ᠶᠠᠭᠤᠨ ᠤ᠋ ᠡᠮᠦᠨ᠎ᠡ ᠠᠷᠠᠰᠤᠨ ᠴᠠᠨ᠎ᠠ ᠨᠢ ᠬᠢᠬᠦ ᠳ᠋ᠦ᠍ ᠲᠤᠢᠯ ᠤ᠋ᠨ ᠳᠥᠭᠥᠮ ᠪᠠᠢᠳᠠᠭ᠃ ᠬᠣᠶᠠᠷ ᠮᠧᠲ᠋ᠷ ᠤᠷᠲᠤ ᠨᠠᠷᠠᠰᠤᠨ ᠮᠣᠳᠣ ᠪᠤᠶᠤ ᠪᠤᠰᠤᠳ ᠴᠢᠨᠠᠷ ᠰᠠᠢᠲᠠᠢ ᠮᠣᠳᠣ ᠶ᠋ᠢ ᠳᠤᠮᠳᠠᠭᠤᠷ ᠨᠢ ᠵᠦᠰᠦᠵᠦ ᠬᠠᠪᠲᠠᠭᠠᠢᠯᠠᠭᠠᠳ ᠨᠢᠭᠡ ᠦᠵᠦᠭᠦᠷ ᠢ᠋ ᠨᠢ ᠵᠢᠭᠠᠬᠠᠨ ᠡᠷᠲᠡᠭᠡᠷ ᠪᠣᠯᠭᠠᠵᠤ ᠴᠠᠰᠤ ᠲᠠᠢ ᠵᠣᠯᠭᠠᠬᠤ ᠨᠢᠭᠤᠷ ᠤ᠋ᠨ ᠬᠡᠰᠡᠭ ᠲᠦ᠍ ᠨᠢ ᠮᠣᠷᠢᠨ ᠤ᠋ ᠡᠪᠦᠳᠦᠭ ᠦ᠋ᠨ ᠠᠷᠠᠰᠤ ᠶ᠋ᠢ ᠦᠰᠦ ᠶ᠋ᠢ ᠨᠢ ᠬᠣᠢᠰᠢ ᠬᠠᠷᠠᠭᠤᠯᠵᠤ ᠬᠠᠲᠠᠭᠠᠳ ᠨᠦᠬᠡ ᠴᠣᠭᠣᠯᠵᠤ ᠬᠥᠯ ᠳ᠋ᠦ᠍ ᠪᠡᠨ ᠤᠶᠠᠬᠤ ᠤᠶᠠᠳᠠᠯ ᠲᠠᠭᠠᠷᠠᠭᠤᠯᠪᠠᠯ ᠭᠣᠶᠣᠬᠠᠨ ᠴᠠᠨ᠎ᠠ ᠪᠣᠯᠴᠢᠬᠠᠳᠠᠭ᠃ ᠬᠣᠶᠠᠷ᠂ ᠴᠠᠨ᠎ᠠ ᠬᠣᠢᠰᠢ ᠭᠤᠯᠭᠤᠬᠤ ᠦᠭᠡᠢ ᠪᠠᠢᠳᠠᠭ᠃ ᠥᠭᠡᠳᠡ ᠭᠠᠷᠬᠤ ᠳ᠋ᠤ᠌ ᠴᠠᠨ᠎ᠠ ᠶ᠋ᠢᠨ ᠡᠯᠢᠭᠡᠨ ᠲᠠᠯ᠎ᠠ ᠳ᠋ᠤ᠌ ᠬᠠᠲᠠᠭᠰᠠᠨ ᠠᠷᠠᠰᠤᠨ ᠤ᠋ ᠬᠣᠢᠰᠢ ᠬᠠᠷᠠᠭᠰᠠᠨ ᠦᠰᠦ ᠨᠢ ᠥᠷᠥᠯᠲᠡ ᠡᠭᠦᠰᠬᠡᠵᠦ ᠬᠣᠢᠰᠢ ᠭᠤᠯᠭᠤᠬᠤ ᠦᠭᠡᠢ ᠪᠣᠯᠤᠭᠰᠠᠨ ᠲᠤᠯᠠ ᠡᠢᠮᠦ ᠴᠠᠨ᠎ᠠ ᠲᠠᠢ ᠬᠥᠮᠦᠨ ᠥᠭᠡᠳᠡ ᠳᠠᠪᠠᠬᠤ ᠳ᠋ᠤ᠌ ᠲᠡᠭᠰᠢ ᠭᠠᠵᠠᠷ ᠶᠠᠪᠤᠵᠤ ᠪᠠᠢᠭ᠎ᠠ ᠰᠢᠭ᠋ ᠶᠡᠬᠡ ᠠᠯᠬᠤᠮ ᠢ᠋ᠶ᠋ᠠᠷ ᠠᠯᠬᠤᠵᠤ ᠶᠠᠪᠤᠳᠠᠭ᠃ ᠡᠢᠮᠦ ᠡᠴᠡ ᠣᠳᠣᠬᠢᠴᠢᠯᠠᠭᠰᠠᠨ ᠴᠠᠨ᠎ᠠ ᠰᠢᠭ ᠬᠣᠶᠠᠷ ᠭᠠᠷ ᠢ᠋ᠶ᠋ᠠᠷ ᠢ᠋ᠶ᠋ᠠᠨ ᠲᠠᠶᠠᠭ ᠲᠤᠯᠵᠤ᠂ ᠪᠡᠶ᠎ᠡ ᠪᠡᠨ ᠤᠷᠤᠭᠰᠢ ᠲᠦᠯᠬᠢᠬᠦ ᠭᠡᠵᠦ ᠦᠢᠯᠡ ᠪᠡᠨ ᠦᠵᠡᠬᠦ ᠦᠭᠡᠢ ᠪᠥᠭᠡᠳ ᠬᠣᠶᠠᠷ ᠭᠠᠷ ᠢ᠋ᠶ᠋ᠠᠨ ᠪᠦᠷᠢᠮᠦᠰᠦᠨ ᠴᠢᠯᠥᠭᠡᠯᠡᠵᠡᠢ᠃ ᠡᠨᠡ ᠪᠣᠯ ᠠᠷᠠᠰᠤᠨ ᠴᠠᠨ᠎ᠠ ᠶ᠋ᠢᠨ ᠬᠠᠮᠤᠭ ᠪᠢᠰᠢᠷᠡᠭᠦᠰᠢᠲᠡᠢ ᠰᠢᠨᠵᠢᠯᠡᠬᠦ ᠤᠬᠠᠭᠠᠨᠴᠢ ᠶᠣᠰᠣ ᠶᠤᠮ᠃ ᠭᠤᠷᠪᠠ ᠳ᠋ᠤ᠌᠂ ᠠᠭᠤᠯᠠᠨ ᠠ᠋ᠴᠠ ᠪᠠᠭᠤᠬᠤ ᠳ᠋ᠤ᠌《S 》ᠵᠠᠮ ᠶᠠᠪᠤᠬᠤ ᠦᠭᠡᠢ ᠪᠣᠯᠵᠠᠢ᠃ ᠴᠡᠴᠡᠨ ᠮᠡᠷᠭᠡᠨ ᠮᠠᠯᠴᠢᠳ ᠮᠠᠨᠢ᠂ ᠴᠢᠯᠥᠭᠡᠯᠡᠭᠳᠡᠭᠰᠡᠨ ᠭᠠᠷ ᠢ᠋ᠶ᠋ᠠᠨ ᠰᠤᠯᠠ ᠪᠠᠢᠯᠭᠠᠭᠰᠠᠨ ᠦᠭᠡᠢ᠂ ᠠᠭᠤᠯᠠᠨ ᠳ᠋ᠤ᠌ ᠭᠠᠷᠬᠤ ᠳ᠋ᠤ᠌ ᠪᠠᠰᠠ ᠤᠷᠲᠤ ᠪᠤᠶᠤ ᠪᠦᠳᠦᠭᠦᠨ ᠲᠠᠶᠠᠭ ᠠᠪᠴᠤ ᠭᠠᠷᠤᠭᠠᠳ ᠪᠠᠭᠤᠵᠤ ᠢᠷᠡᠬᠦ ᠳ᠋ᠦ᠍ ᠪᠡᠨ ᠲᠠᠶᠠᠭ ᠳᠡᠭᠡᠷ᠎ᠡ ᠪᠡᠨ ᠤᠨᠤᠵᠤ ᠰᠠᠭᠤᠭᠠᠳ ᠪᠡᠶ᠎ᠡ ᠪᠡᠨ ᠬᠣᠢᠰᠢ ᠭᠡᠳᠡᠢᠵᠦ ᠲᠠᠶᠠᠭ ᠪᠠ ᠭᠠᠵᠠᠷ ᠤ᠋ᠨ ᠭᠠᠳᠠᠷᠭᠤ ᠶ᠋ᠢᠨ ᠬᠣᠭᠣᠷᠣᠨᠳᠣ ᠡᠭᠦᠰᠬᠦ ᠴᠢᠩᠭ᠎ᠠ ᠥᠷᠥᠯᠲᠡ ᠪᠡᠷ ᠪᠡᠶ᠎ᠡ ᠶ᠋ᠢᠨ ᠢᠨᠧᠷᠼᠢ ᠪᠡᠨ ᠪᠠᠭᠠᠰᠬᠠᠵᠤ ᠬᠤᠷᠳᠤᠴᠠ ᠪᠠᠨ ᠤᠳᠠᠭᠠᠰᠢᠷᠠᠭᠤᠯᠳᠠᠭ᠃ ᠢᠩᠭᠢᠵᠦ ᠠᠭᠤᠯᠠᠨ ᠤᠷᠤᠭᠤ ᠭᠤᠯᠭᠤᠬᠤ ᠨᠢ ᠭᠤᠷᠪᠠᠨ ᠲᠤᠯᠬᠤ ᠴᠠᠭ ᠲᠠᠢ ᠲᠤᠯᠠ ᠲᠠᠶᠠᠭ ᠦᠭᠡᠢ《S》 ᠱᠤᠭᠤᠮ ᠢ᠋ᠶ᠋ᠠᠷ ᠶᠠᠪᠤᠵᠤ ᠬᠤᠷᠳᠤᠴᠠ ᠪᠠᠨ ᠬᠠᠰᠤᠳᠠᠭ ᠤ᠋ᠨ ᠠᠶᠤᠯ ᠲᠠᠢ ᠪᠠᠢᠳᠠᠯ ᠢ᠋ ᠲᠡᠪᠴᠢᠵᠦ ᠴᠢᠳᠠᠵᠠᠢ᠃ ᠤᠴᠢᠷ ᠨᠢ ᠲᠠᠶᠠᠭ ᠢ᠋ᠶ᠋ᠠᠨ ᠠᠳᠬᠤᠵᠤ ᠭᠤᠯᠭᠤᠬᠤ ᠨᠢ ᠵᠠᠮ ᠮᠥᠷ ᠢ᠋ᠶ᠋ᠡᠨ ᠰᠣᠩᠭᠣᠬᠤ ᠳ᠋ᠤ᠌ ᠪᠣᠯᠤᠮᠵᠢ ᠰᠠᠢᠲᠠᠢ ᠪᠥᠭᠡᠳ《S》 ᠵᠠᠮ ᠲᠠᠢ ᠠᠳᠠᠯᠢᠳᠬᠠᠪᠠᠯ ᠶᠠᠪᠤᠬᠤ ᠵᠠᠮ ᠤ᠋ᠨ ᠤᠷᠲᠤ ᠶ᠋ᠢ ᠪᠣᠭᠣᠨᠢᠰᠬᠠᠭᠰᠠᠨ ᠢ᠋ᠶ᠋ᠠᠷ ᠦᠯᠦ ᠪᠠᠷᠠᠮ ᠬᠠᠮᠤᠭ ᠴᠢᠬᠤᠯᠠ ᠨᠢ ᠰᠣᠬᠣᠷ ᠪᠠᠯᠠᠢ ᠪᠠᠷ《S》 ᠱᠤᠭᠤᠮ ᠶᠠᠪᠤᠵᠤ ᠣᠢᠴᠢᠵᠤ ᠲᠤᠰᠬᠤ᠂ ᠴᠠᠰᠤᠨ ᠤ᠋ ᠨᠤᠷᠠᠯᠲᠠ ᠡᠭᠦᠰᠬᠦ ᠠᠶᠤᠯ ᠢ᠋ ᠪᠠᠭᠠᠰᠬᠠᠵᠠᠢ᠃ ᠡᠭᠦᠨ ᠡᠴᠡ ᠭᠠᠳᠠᠨ᠎ᠠ ᠤᠷᠲᠤ ᠲᠠᠶᠠᠭ ᠨᠢ ᠵᠠᠩᠭᠢᠯᠠᠭ᠎ᠠ ᠶ᠋ᠢᠨ ᠴᠠᠭ ᠲᠤ᠌ ᠰᠢᠳᠠᠮ ᠪᠤᠶᠤ ᠦᠵᠦᠭᠦᠷ ᠲᠦ᠍ ᠨᠢ ᠬᠢᠲᠤᠭ᠎ᠠ ᠪᠠᠨ ᠤᠶᠠᠪᠠᠯ ᠵᠢᠳᠠ ᠪᠣᠯᠵᠤ ᠪᠡᠶ᠎ᠡ ᠪᠡᠨ ᠬᠠᠮᠠᠭᠠᠯᠠᠵᠤ ᠪᠣᠯᠳᠠᠭ᠃ ᠳᠥᠷᠪᠡ ᠳ᠋ᠦ᠍᠂ ᠠᠮᠢ ᠠᠪᠤᠷᠠᠬᠤ ᠣᠨᠴᠠᠭᠠᠢ ᠠᠷᠭ᠎ᠠ ᠶ᠋ᠢ ᠤᠯᠠᠮᠵᠢᠯᠠᠵᠠᠢ᠃ ᠴᠠᠰᠤᠨ ᠳ᠋ᠤ᠌ ᠭᠤᠯᠭᠤᠬᠤ ᠳᠤᠮᠳᠠ ᠮᠠᠯᠴᠢᠳ ᠮᠠᠨᠢ ᠭᠠᠭᠴᠠ ᠠᠯᠲᠠᠢ ᠮᠣᠩᠭᠣᠯᠴᠤᠳ ᠲᠤ᠌ ᠯᠠ ᠪᠠᠢᠳᠠᠭ ᠠᠮᠢ ᠠᠪᠤᠷᠠᠬᠤ ᠤᠪᠠᠳᠢᠰᠲᠤ ᠤᠬᠠᠭᠠᠨ ᠢ᠋ ᠬᠡᠷᠡᠭᠯᠡᠭᠰᠡᠭᠡᠷ ᠢᠷᠡᠵᠡᠢ᠃ ᠴᠠᠰᠤᠨ ᠨᠤᠷᠠᠯᠲᠠ ᠡᠭᠦᠰᠬᠦ ᠦᠶ᠎ᠡ ᠳ᠋ᠦ᠍ ᠵᠠᠢᠯᠠᠵᠤ ᠠᠮᠵᠢᠬᠤ ᠦᠭᠡᠢ ᠪᠣᠯ ᠮᠠᠯᠴᠢᠳ ᠬᠠᠨᠴᠤᠢ ᠶ᠋ᠢᠨ ᠦᠵᠦᠭᠦᠷ ᠢ᠋ᠶ᠋ᠡᠨ ᠴᠢᠩᠭ᠎ᠠ ᠬᠠᠵᠠᠭᠠᠳ ᠲᠠᠯᠪᠢᠬᠤ ᠦᠭᠡᠢ ᠪᠠᠢᠳᠠᠭ᠃ ᠢᠩᠭᠢᠬᠦ ᠨᠢ ᠴᠠᠰᠤᠨ ᠨᠤᠷᠠᠯᠲᠠ ᠳᠤᠮᠳᠠ ᠭᠠᠷ ᠪᠠ ᠬᠦᠵᠦᠭᠦᠦ ᠨᠢ ᠬᠠᠷᠢᠯᠴᠠᠨ ᠲᠦᠰᠢᠭ ᠪᠣᠯᠵᠤ ᠬᠠᠮᠤᠭ ᠤ᠋ᠨ ᠡᠮᠵᠡᠭ ᠪᠠᠢᠳᠠᠭ ᠬᠦᠵᠦᠭᠦᠦ ᠶ᠋ᠢᠨ ᠰᠢᠷᠬᠠᠲᠤᠬᠤ ᠠᠶᠤᠯ ᠢ᠋ ᠪᠠᠭᠠᠰᠬᠠᠪᠠ᠃ ᠬᠠᠨᠴᠤᠢ ᠶ᠋ᠢᠨ ᠠᠭᠤᠵᠢᠭᠤ ᠲᠣᠮᠣ ᠨᠢᠳᠤᠷᠭ᠎ᠠ ᠨᠢ ᠨᠢᠭᠤᠷ ᠴᠢᠷᠠᠢ ᠰᠢᠷᠬᠠᠲᠤᠬᠤ᠂ ᠴᠠᠰᠤ ᠰᠢᠷᠣᠢ ᠠᠮᠠ ᠬᠠᠮᠠᠷ ᠢ᠋ ᠪᠥᠭᠯᠡᠬᠦ ᠦᠭᠡᠢ ᠪᠣᠯᠭᠠᠭᠰᠠᠨ ᠮᠥᠷᠲᠡᠭᠡᠨ ᠬᠠᠮᠤᠭ ᠴᠢᠬᠤᠯᠠ ᠨᠢ ᠴᠠᠰᠤᠨ ᠳ᠋ᠤ᠌ ᠪᠤᠯᠠᠭᠳᠠᠪᠠᠯ ᠶᠠᠭᠤᠨ ᠤ᠋ ᠤᠷᠢᠳᠠ ᠬᠠᠯᠠᠭᠤᠨ ᠭᠠᠷ ᠢ᠋ᠶ᠋ᠠᠷ ᠢ᠋ᠶ᠋ᠠᠨ ᠠᠮᠠ ᠬᠠᠮᠠᠷ ᠤ᠋ᠨ ᠢ᠋ᠶ᠋ᠠᠨ ᠣᠢᠷᠠᠯᠴᠠᠭ᠎ᠠ ᠪᠠᠢᠭ᠎ᠠ ᠴᠠᠰᠤ ᠶ᠋ᠢ ᠮᠠᠯᠲᠠᠵᠤ ᠬᠠᠢᠯᠤᠭᠤᠯᠤᠨ ᠠᠮᠢᠰᠬᠤᠯ ᠠᠪᠬᠤ ᠵᠠᠢ ᠭᠠᠷᠭᠠᠵᠤ ᠠᠮᠵᠢᠭᠠᠳ ᠥᠪᠡᠷ ᠢ᠋ ᠪᠡᠨ ᠠᠪᠤᠷᠠᠬᠤ ᠠᠵᠢᠯ ᠢ᠋ᠶ᠋ᠠᠨ ᠡᠬᠢᠯᠡᠭᠦᠯᠬᠦ ᠳ᠋ᠦ᠍ ᠪᠣᠯᠤᠮᠵᠢ ᠣᠯᠭᠤᠵᠠᠢ᠃

ᠢᠷᠡᠯᠲᠡ᠄《ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ》 ᠠ᠋ᠴᠠ
      ᠵᠣᠬᠢᠶᠠᠭᠴᠢ᠄ ᠶ᠋ᠢᠨ· ᠰ ᠬᠥᠭᠵᠢᠯᠲᠦ ᠵᠣᠷᠢᠭᠲᠤ
      ᠦᠰᠦᠭ ᠠᠮᠢᠯᠠᠭᠤᠯᠤᠭᠴᠢ᠄ ᠲᠤᠶᠠᠭ᠎ᠠ
      ᠬᠢᠨᠠᠭᠴᠢ᠄ ᠣᠳᠬᠠᠨᠰᠣ᠎ᠠ