ᠬᠤᠷᠤᠭᠤᠪᠴᠢ-ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ1-04ᠤ᠋· ᠰ· ᠬᠥᠭᠵᠢᠯᠲᠦ

ᠬᠤᠷᠤᠭᠤᠪᠴᠢ
ᠬᠤᠷᠤᠭᠤᠪᠴᠢ ᠶ᠋ᠢ ᠭᠣᠣᠯ ᠨᠢ ᠦᠬᠡᠷ ᠦ᠋ᠨ ᠡᠪᠡᠷ ᠢ᠋ᠶ᠋ᠡᠷ ᠬᠢᠳᠡᠭ᠃ ᠭᠡᠪᠡᠴᠦ ᠶᠠᠰᠤ᠂ ᠠᠷᠠᠰᠤ᠂ ᠵᠡᠰ ᠭᠠᠤᠯᠢ ᠪᠠᠷ ᠬᠢᠭᠰᠡᠨ ᠬᠤᠷᠤᠭᠤᠪᠴᠢ ᠪᠠᠰᠠ ᠪᠣᠢ᠃ ᠶᠠᠭᠤᠨ ᠤ᠋ ᠡᠮᠦᠨ᠎ᠡ ᠬᠤᠷᠤᠭᠤᠪᠴᠢᠨ ᠳᠣᠲᠣᠷ᠎ᠠ ᠰᠣᠶᠣᠯ ᠤ᠋ᠨ ᠢᠮ ᠲᠠᠮᠠᠭ᠎ᠠ ᠬᠠᠳᠠᠭᠠᠯᠠᠭᠳᠠᠵᠤ ᠪᠠᠢᠳᠠᠭ᠃ ᠮᠣᠩᠭᠣᠯ ᠡᠮᠡᠭᠲᠡᠢᠴᠦᠳ ᠬᠤᠷᠤᠭᠤᠪᠴᠢ ᠪᠠᠨ ᠪᠠᠷᠠᠭᠤᠨ ᠭᠠᠷ ᠤ᠋ᠨ ᠳᠣᠯᠢᠶᠠᠪᠤᠷ ᠬᠤᠷᠤᠭᠤᠨ ᠳ᠋ᠤ᠌ ᠪᠠᠨ ᠵᠡᠭᠦᠵᠦ᠂ ᠳᠤᠮᠳᠠ ᠬᠤᠷᠤᠭᠤ ᠪᠠ ᠡᠷᠡᠬᠡᠢ ᠬᠤᠷᠤᠭᠤ ᠪᠠᠷ ᠢ᠋ᠶ᠋ᠠᠨ ᠵᠡᠭᠦᠦ ᠪᠡᠨ ᠴᠢᠮᠬᠢᠵᠦ ᠪᠠᠷᠢᠭᠠᠳ ᠳᠣᠷᠣᠭᠰᠢ ᠪᠠᠨ ᠬᠠᠳᠬᠤᠳᠠᠭ᠃ ᠢᠩᠭᠢᠵᠦ ᠵᠡᠭᠦᠦ ᠵᠠᠷᠤᠬᠤ ᠨᠢ ᠵᠡᠭᠦᠦ ᠪᠡᠨ ᠭᠠᠳᠠᠭᠰᠢ ᠬᠠᠳᠬᠤᠬᠤ ᠲᠠᠢ ᠠᠳᠠᠯᠢᠳᠬᠠᠪᠠᠯ ᠬᠥᠮᠦᠨ ᠲᠥᠷᠥᠯᠬᠢᠲᠡᠨ ᠦ᠌ ᠠᠳᠬᠤᠵᠤ ᠪᠠᠷᠢᠬᠤ ᠬᠥᠳᠡᠯᠭᠡᠭᠡᠨ ᠲᠡᠢ ᠨᠡᠢᠴᠡᠪᠦᠷᠢ ᠲᠡᠢ ᠲᠤᠯᠠ ᠨᠡᠩ ᠤᠷ᠎ᠠ ᠳᠠᠮ ᠲᠠᠢ ᠪᠠᠢᠳᠠᠭ᠃ ᠰᠣᠶᠣᠯ ᠤ᠋ᠨ ᠲᠠᠯ᠎ᠠ ᠠ᠋ᠴᠠ ᠠᠪᠴᠤ ᠬᠡᠯᠡᠪᠡᠯ ᠵᠡᠭᠦᠦ ᠶ᠋ᠢ ᠳᠣᠷᠣᠭᠰᠢ ᠬᠠᠷᠠᠭᠤᠯᠵᠤ ᠪᠠᠢᠬᠤ ᠨᠢ ᠮᠣᠩᠭᠣᠯ ᠡᠷᠡᠭᠲᠡᠢᠴᠦᠳ ᠪᠤᠰᠤᠳ ᠢ᠋ ᠰᠢᠷᠬᠠᠲᠤᠭᠤᠯᠬᠤ ᠠ᠋ᠴᠠ ᠬᠡᠷᠰᠡᠦᠯᠡᠵᠦ ᠬᠢᠲᠤᠭ᠎ᠠ ᠪᠠᠨ ᠳᠣᠷᠣᠭᠰᠢ ᠬᠠᠷᠠᠭᠤᠯᠵᠤ ᠵᠠᠷᠤᠬᠤ ᠲᠠᠢ ᠠᠳᠠᠯᠢᠬᠠᠨ ᠵᠠᠩ ᠦᠢᠯᠡ ᠪᠥᠭᠡᠳ ᠮᠣᠩᠭᠣᠯ ᠡᠮᠡᠭᠲᠡᠢᠴᠦᠳ ᠦ᠋ᠨ ᠦᠶ᠎ᠡ ᠶ᠋ᠢᠨ ᠦᠶ᠎ᠡ ᠤᠯᠠᠮᠵᠢᠯᠠᠭᠰᠠᠨ ᠰᠣᠶᠣᠯ ᠤ᠋ᠨ ᠢᠮ ᠲᠠᠮᠠᠭ᠎ᠠ ᠮᠥᠨ᠃ ᠲᠠᠯ᠎ᠠ ᠨᠤᠲᠤᠭ ᠤ᠋ᠨ ᠰᠣᠶᠣᠯ ᠤ᠋ᠨ ᠣᠷᠴᠢᠨ ᠳ᠋ᠤ᠌ ᠥᠰᠴᠦ ᠲᠥᠷᠥᠭᠰᠡᠨ ᠮᠣᠩᠭᠣᠯ ᠪᠦᠰᠡᠭᠦᠢ ᠪᠣᠯ ᠪᠦᠷ ᠢᠩᠭᠢᠵᠦ ᠦᠢᠯᠡ ᠣᠶᠣᠳᠠᠭ ᠪᠥᠭᠡᠳ ᠡᠨᠡ ᠨᠢ ᠳᠤᠮᠳᠠ ᠬᠤᠷᠤᠭᠤᠨ ᠳ᠋ᠤ᠌ ᠪᠠᠨ ᠬᠤᠷᠤᠭᠤᠪᠴᠢ ᠵᠡᠭᠦᠵᠦ ᠵᠡᠭᠦᠦ ᠪᠡᠨ ᠭᠠᠳᠠᠭᠰᠢ ᠬᠠᠳᠬᠤᠳᠠᠭ ᠬᠢᠲᠠᠳ ᠣᠶᠣᠳᠠᠯᠴᠢᠨ ᠤ᠋ ᠳᠠᠳᠬᠠᠯ ᠲᠠᠢ ᠦᠰᠦᠳ ᠥᠭᠡᠷ᠎ᠡ ᠶᠦᠮ᠃ ᠨᠠᠰᠤᠲᠠᠢᠴᠤᠳ《 ᠮᠣᠩᠭᠣᠯ ᠬᠢᠲᠠᠳ ᠪᠦᠰᠡᠭᠦᠢ ᠭᠡᠳᠡᠭ ᠢ᠋ ᠨᠢ ᠦᠭᠡ ᠬᠡᠯᠡᠭᠦᠯᠬᠦ ᠦᠭᠡᠢ ᠪᠡᠷ ᠢᠯᠭᠠᠵᠤ ᠲᠠᠨᠢᠬᠤ ᠭᠡᠪᠡᠯ ᠵᠡᠭᠦᠦ ᠪᠠᠷᠢᠭᠤᠯᠵᠤ ᠦᠢᠯᠡ ᠣᠶᠣᠭᠤᠯᠵᠤ ᠦᠵᠡ》 ᠭᠡᠳᠡᠭ ᠦ᠋ᠨ ᠶᠣᠰᠣ ᠤᠴᠢᠷ ᠨᠢ ᠨᠢᠭᠡ ᠬᠥᠮᠦᠨ ᠦ᠌ ᠰᠣᠶᠣᠯ ᠤ᠋ᠨ ᠬᠢᠨᠢ ᠢᠮ ᠲᠠᠮᠠᠭ᠎ᠠ ᠪᠠᠷ ᠨᠢ ᠢᠯᠭᠠᠵᠤ ᠲᠠᠨᠢᠬᠤ ᠭᠡᠰᠡᠨ ᠤᠬᠠᠭᠠᠨ ᠶᠤᠮ᠃ ᠪᠠᠭ᠎ᠠ ᠬᠤᠷᠤᠭᠤᠪᠴᠢ ᠳᠣᠲᠣᠷ᠎ᠠ ᠶᠡᠬᠡ ᠤᠬᠠᠭᠠᠨ ᠪᠠᠢᠳᠠᠭ ᠠᠵᠢ᠃ ᠬᠣᠶᠠᠷ᠂ ᠪᠤᠰᠤᠳ ᠬᠤᠷᠤᠭᠤ ᠰᠢᠷᠬᠠᠲᠤᠬᠤ ᠠ᠋ᠴᠠ ᠰᠡᠷᠭᠡᠢᠯᠡᠵᠦ ᠴᠢᠳᠠᠵᠠᠢ᠃ ᠨᠢᠭᠲᠠᠯᠠᠵᠤ ᠦᠵᠡᠪᠡᠯ ᠬᠤᠷᠤᠭᠤᠪᠴᠢ ᠶ᠋ᠢᠨ ᠬᠥᠨᠳᠡᠢ ᠨᠢ ᠳᠣᠯᠢᠶᠠᠪᠤᠷ ᠬᠤᠷᠤᠭᠤ ᠯᠠᠪᠳᠠᠭᠤᠬᠠᠨ ᠳᠣᠲᠣᠭᠰᠢ ᠣᠷᠣᠮᠠᠷ ᠶᠡᠬᠡ ᠪᠢᠰᠢ᠂ ᠬᠠᠷᠢᠨ ᠳᠣᠯᠣᠪᠣᠷ ᠬᠤᠷᠤᠭᠤᠨ ᠤ᠋ ᠦᠵᠦᠭᠦᠷ ᠳᠥᠩᠭᠡᠵᠦ ᠯᠡ ᠣᠷᠣᠮᠠᠷ ᠢᠪᠴᠤᠤ ᠬᠥᠨᠳᠡᠢᠯᠡᠵᠦ᠂ ᠬᠤᠷᠤᠭᠤᠪᠴᠢ ᠨᠢ ᠳᠥᠩᠭᠡᠵᠢ ᠯᠡ ᠬᠤᠷᠤᠭᠤᠨ ᠦᠵᠦᠭᠦᠷ ᠳᠡᠭᠡᠷ᠎ᠡ ᠲᠣᠭᠲᠠᠵᠤ ᠪᠠᠢᠳᠠᠭ ᠲᠤᠯᠠ ᠵᠡᠭᠦᠦ ᠬᠠᠯᠲᠤᠷᠢᠪᠠᠯ ᠰᠠᠨᠵᠢ ᠨᠢ ᠭᠠᠳᠠᠭᠰᠢ ᠬᠠᠨᠳᠤᠵᠤ᠂ ᠪᠤᠰᠤᠳ ᠬᠤᠷᠤᠭᠤ ᠶ᠋ᠢ ᠰᠢᠷᠬᠠᠲᠤᠭᠤᠯᠬᠤ ᠦᠭᠡᠢ ᠪᠠᠢᠳᠠᠭ᠃ ᠳᠠᠬᠢᠭᠠᠳ ᠬᠡᠯᠡᠪᠡᠯ᠂ ᠬᠤᠷᠤᠭᠤᠨ ᠦᠵᠦᠭᠦᠷ ᠳᠥᠩᠭᠡᠵᠦ ᠯᠡ ᠣᠷᠣᠭᠰᠠᠨ ᠬᠤᠷᠤᠭᠤᠪᠴᠢ ᠨᠢ ᠵᠡᠭᠦᠦ ᠶ᠋ᠢᠨ ᠥᠭᠭᠦᠭᠰᠡᠨ ᠬᠦᠴᠦᠨ ᠦ᠌ ᠦᠢᠯᠡᠴᠢᠯᠡᠯ ᠳᠣᠣᠷ᠎ᠠ ᠬᠣᠢᠰᠢ ᠭᠡᠳᠡᠢᠵᠦ᠂ ᠭᠠᠳᠠᠷᠭᠤ ᠬᠠᠪᠲᠠᠭᠠᠢ ᠨᠢ ᠵᠡᠭᠦᠦ ᠶ᠋ᠢᠨ ᠪᠡᠶ᠎ᠡ ᠲᠡᠢ ᠲᠡᠭᠰᠢ ᠥᠨᠴᠥᠭ ᠡᠭᠦᠰᠴᠦ᠂ ᠵᠡᠭᠦᠦ ᠶ᠋ᠢᠨ ᠰᠠᠨᠵᠢ ᠬᠠᠯᠲᠤᠷᠢᠬᠤ ᠶ᠋ᠢ ᠵᠣᠬᠢᠬᠤ ᠬᠡᠮᠵᠢᠶ᠎ᠡ ᠪᠡᠷ ᠰᠡᠷᠭᠡᠢᠯᠡᠵᠦ ᠴᠢᠳᠠᠵᠠᠢ᠃ ᠡᠭᠦᠨ ᠡᠴᠡ ᠭᠠᠳᠠᠨ᠎ᠠ ᠬᠤᠷᠤᠭᠤᠪᠴᠢᠨ ᠭᠠᠳᠠᠷᠭᠤ ᠳᠡᠭᠡᠷᠡᠬᠢ ᠬᠠᠨᠠᠨ ᠠᠷ ᠪᠠ ᠬᠣᠶᠠᠷ ᠬᠥᠪᠡᠭᠡᠨ ᠦ᠌ ᠬᠥᠨᠳᠡᠯᠡᠨ ᠬᠣᠪᠬᠢᠯ ᠨᠢ ᠵᠡᠭᠦᠦ ᠬᠠᠵᠠᠭᠤ ᠳᠠᠰᠢ ᠬᠠᠯᠲᠤᠷᠢᠬᠤ ᠶ᠋ᠢ ᠵᠣᠬᠢᠬᠤ ᠬᠡᠮᠵᠢᠶ᠎ᠡ ᠪᠡᠷ ᠬᠣᠷᠢᠭᠯᠠᠵᠤ ᠪᠠᠢᠭ᠎ᠠ ᠶᠤᠮ᠃
—《 ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ》 ᠭᠡᠬᠦ ᠨᠣᠮ ᠠ᠋ᠴᠠ
ᠦᠰᠦᠭ ᠠᠮᠢᠯᠠᠭᠤᠯᠤᠭᠴᠢ᠄ ᠵ᠂ ᠪᠤᠶᠠᠨᠲᠣᠭᠲᠠᠬᠤ
ᠬᠢᠨᠠᠭᠴᠢ᠄ ᠣᠳᠬᠠᠨᠰᠤ᠎ᠠ᠂ ᠰᠡᠬᠡᠭᠡᠷᠡᠯ᠂ ᠭᠠᠷᠮ᠎ᠠ
