ᠣᠨᠣᠪᠴᠢ-ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ1-03ᠤ᠋· ᠰ· ᠬᠥᠭᠵᠢᠯᠲᠦ ᠡᠳ᠋ᠯᠡᠯ ᠬᠡᠷᠡᠭᠰᠡᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠨᠣᠪᠴᠢ-ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ1-03ᠤ᠋· ᠰ· ᠬᠥᠭᠵᠢᠯᠲᠦ

ᠣᠨᠣᠪᠴᠢ-ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ1-03ᠤ᠋· ᠰ· ᠬᠥᠭᠵᠢᠯᠲᠦ

2023-10-30

454

ᠣᠨᠣᠪᠴᠢ

   ᠮᠣᠩᠭᠣᠯᠴᠤᠳ ᠣᠭᠣᠨᠣ ᠶ᠋ᠢᠨ ᠡᠪᠡᠷ᠂ ᠬᠡᠭᠡᠷ᠎ᠡ ᠶ᠋ᠢᠨ ᠭᠠᠬᠠᠢ ᠶ᠋ᠢᠨ ᠰᠣᠶᠣᠭ᠎ᠠ ᠪᠤᠶᠤ ᠲᠡᠮᠦᠷ ᠢ᠋ᠶ᠋ᠡᠷ ᠪᠠᠷᠢᠭᠤᠯ ᠬᠢᠭᠰᠡᠨ ᠣᠯᠠᠨ ᠬᠡᠷᠡᠭᠴᠡᠭᠡ᠂ ᠣᠨᠴᠠᠭᠠᠢ ᠴᠢᠳᠠᠮᠵᠢ ᠪᠦᠬᠦᠢ ᠬᠢᠲᠤᠭ᠎ᠠ ᠪᠠᠨ ᠣᠨᠣᠪᠴᠢ ᠪᠤᠶᠤ ᠰᠣᠶᠣᠭ᠎ᠠ ᠬᠢᠲᠤᠭ᠎ᠠ ᠭᠡᠳᠡᠭ᠃ ᠶᠠᠭᠤᠨ ᠤ᠋ ᠡᠮᠦᠨ᠎ᠡ᠂ ᠣᠨᠣᠪᠴᠢ ᠪᠣᠯ ᠵᠠᠩᠭᠢᠶᠠᠰᠤ ᠲᠠᠢᠯᠬᠤ ᠰᠣᠶᠣᠭ᠎ᠠ ᠮᠥᠨ᠃ ᠰᠤᠷ ᠵᠠᠩᠭᠢᠶᠠᠰᠤ ᠨᠢ ᠴᠢᠩᠭᠠᠷᠠᠵᠤ ᠵᠢᠪᠳᠡᠭ ᠲᠤᠯᠠ ᠵᠥᠪᠬᠡᠨ ᠬᠣᠭᠣᠰᠣᠨ ᠭᠠᠷ ᠢ᠋ᠶ᠋ᠠᠷ ᠪᠣᠯ ᠠᠮᠠᠷᠬᠠᠨ ᠲᠠᠢᠯᠵᠤ ᠳᠡᠢᠯᠬᠦ ᠦᠭᠡᠢ ᠪᠠᠢᠳᠠᠭ᠃ ᠭᠡᠪᠡᠴᠦ ᠣᠨᠣᠪᠴᠢ ᠶ᠋ᠢᠨ ᠡᠰᠢ ᠶ᠋ᠢᠨ ᠨᠠᠷᠢᠨ ᠦᠵᠦᠭᠦᠷ ᠪᠣᠯ ᠡᠢᠮᠦ ᠬᠠᠷ᠎ᠠ ᠵᠠᠩᠭᠢᠶᠠᠰᠤ ᠶ᠋ᠢ ᠰᠣᠶᠣᠭᠠᠳᠠᠵᠤ ᠪᠠᠢᠭᠠᠳ ᠲᠤᠩ ᠠᠮᠠᠷᠬᠠᠨ ᠲᠠᠢᠯᠴᠢᠬᠠᠳᠠᠭ ᠲᠤᠰᠬᠠᠢ ᠪᠠᠭᠠᠵᠢ— ᠰᠣᠶᠣᠭ᠎ᠠ ᠮᠥᠨ᠃ ᠬᠣᠶᠠᠷ ᠲᠤ᠂ ᠣᠨᠣᠪᠴᠢ ᠶ᠋ᠢᠨ ᠮᠥᠷᠥ ᠪᠣᠯ ᠬᠡᠲᠡ ᠮᠥᠨ᠃ ᠡᠪᠬᠡᠭᠰᠡᠨ ᠦ᠌ ᠳᠠᠷᠠᠭᠠᠬᠢ ᠣᠨᠣᠪᠴᠢ ᠶ᠋ᠢᠨ ᠪᠥᠭᠲᠥᠷ ᠮᠥᠷᠥ ᠪᠣᠯ ᠭᠠᠴᠢᠭᠳᠠᠬᠤ ᠦᠶ᠎ᠡ ᠶ᠋ᠢᠨ ᠬᠠᠪᠤᠲᠠᠢ ᠰᠠᠢᠬᠠᠨ ᠬᠡᠲᠡ ᠮᠥᠨ᠃ ᠵᠠᠷᠢᠮ ᠣᠨᠣᠪᠴᠢ ᠶ᠋ᠢᠨ ᠰᠠᠨᠵᠢ ᠠ᠋ᠴᠠ ᠡᠯᠭᠦᠭᠦᠷ ᠦ᠋ᠨ ᠣᠷᠣᠨ ᠳ᠋ᠤ᠌ ᠴᠠᠬᠢᠭᠤᠷ ᠪᠠ ᠤᠯᠠ ᠠᠬᠤᠭᠤᠯᠵᠤ ᠪᠣᠯᠳᠠᠭ ᠵᠢᠭᠠᠬᠠᠨ ᠠᠷᠠᠰᠤᠨ ᠤᠭᠤᠲᠠ ᠳᠡᠭᠦᠵᠢᠯᠡᠵᠦ ᠪᠠᠢᠳᠠᠭ ᠨᠢ ᠣᠨᠣᠪᠴᠢ ᠪᠠᠷ ᠭᠠᠯ ᠠᠪᠬᠤ ᠶ᠋ᠢᠨ ᠤᠴᠢᠷ ᠲᠠᠢ ᠶᠤᠮ᠃ ᠭᠤᠷᠪᠠ ᠳ᠋ᠤ᠌᠂ ᠠᠷᠠᠰᠤ ᠵᠦᠰᠦᠬᠦ ᠲᠤᠰᠬᠠᠢ ᠬᠢᠲᠤᠭ᠎ᠠ ᠮᠥᠨ᠃ ᠣᠨᠣᠪᠴᠢ ᠨᠢ ᠶᠠᠮᠠᠷᠴᠤ ᠶᠠᠭᠤᠮ᠎ᠠ ᠶ᠋ᠢ ᠣᠭᠲᠣᠯᠵᠤ ᠬᠡᠷᠴᠢᠵᠦ ᠴᠢᠳᠠᠳᠠᠭ ᠡᠩ ᠵᠢᠷ ᠦ᠋ᠨ ᠬᠢᠲᠤᠭ᠎ᠠ ᠶ᠋ᠢᠨ ᠦᠢᠯᠡᠳᠦᠯ ᠭᠦᠢᠴᠡᠳ ᠪᠠᠢᠳᠠᠭ ᠪᠥᠭᠡᠳ ᠢᠷ ᠲᠠᠯ᠎ᠠ ᠤᠷᠤᠭᠤ ᠪᠠᠨ ᠮᠡᠳᠡᠭᠳᠡᠮ᠎ᠡ ᠮᠠᠬᠢᠷᠯᠠᠭᠰᠠᠨ ᠤᠴᠢᠷ ᠠ᠋ᠴᠠ ᠠᠷᠠᠰᠤ ᠵᠦᠰᠦᠬᠦ ᠳ᠋ᠦ᠍ ᠭᠠᠷ ᠲᠤ ᠡᠪᠲᠡᠢ᠂ ᠬᠦᠴᠦᠨ ᠳ᠋ᠦ᠍ ᠢᠯᠳᠠᠮ ᠪᠠᠢᠳᠠᠭ ᠢ᠋ᠶ᠋ᠠᠷ ᠢ᠋ᠶ᠋ᠠᠨ ᠶᠣᠰᠣᠲᠠᠢ ᠠᠷᠠᠰᠤ ᠵᠦᠰᠦᠬᠦ ᠲᠤᠰᠬᠠᠢ ᠬᠢᠲᠤᠭ᠎ᠠ ᠶᠤᠮ᠃ ᠳᠥᠷᠪᠡ ᠳ᠋ᠦ᠍᠂ ᠣᠨᠣᠪᠴᠢ ᠪᠣᠯ ᠰᠤᠷ ᠡᠳ᠋ᠯᠡᠯ ᠳᠡᠭᠡᠷ᠎ᠡ ᠭᠠᠷᠭᠠᠭᠰᠠᠨ ᠨᠦᠬᠡ ᠶ᠋ᠢ ᠶᠡᠬᠡᠰᠬᠡᠳᠡᠭ ᠴᠢᠳᠠᠪᠤᠷᠢᠲᠠᠢ᠃ ᠰᠤᠷ ᠡᠳ᠋ᠯᠡᠯ ᠰᠦᠯᠵᠢᠬᠦ ᠳ᠋ᠦ᠍ ᠰᠤᠷ ᠢ᠋ᠶ᠋ᠠᠨ ᠣᠯᠠᠨ ᠠᠷᠪᠢᠨ ᠨᠦᠬᠡᠯᠡᠬᠦ ᠴᠢᠬᠤᠯᠠ ᠲᠠᠢ ᠪᠠᠢᠳᠠᠭ᠃ ᠭᠡᠪᠡᠴᠦ ᠰᠤᠷ ᠨᠢ ᠬᠠᠷᠢᠮᠠᠬᠠᠢ ᠴᠢᠨᠠᠷ ᠲᠠᠢ ᠣᠭᠲᠣᠯᠵᠤ ᠭᠠᠷᠭᠠᠭᠰᠠᠨ ᠨᠦᠬᠡ ᠨᠢ ᠠᠨᠢᠭᠠᠳ ᠪᠤᠰᠤᠳ ᠰᠤᠷ ᠢ᠋ ᠰᠦᠪᠡᠯᠡᠬᠦ ᠳ᠋ᠦ᠍ ᠬᠦᠴᠢᠷ ᠲᠡᠢ ᠪᠠᠢᠳᠠᠭ ᠲᠤᠯᠠ ᠡᠨᠡ ᠦᠶ᠎ᠡ ᠳ᠋ᠦ᠍ ᠣᠨᠣᠪᠴᠢ ᠶ᠋ᠢᠨ ᠨᠠᠷᠢᠨ ᠦᠵᠦᠭᠦᠷ ᠢ᠋ᠶ᠋ᠡᠷ ᠰᠣᠶᠣᠭᠠᠳᠠᠪᠠᠯ ᠨᠦᠬᠡ ᠨᠢ ᠶᠡᠬᠡᠰᠴᠦ ᠰᠦᠪᠡᠯᠡᠵᠦ ᠰᠦᠯᠵᠢᠬᠦ ᠳ᠋ᠦ᠍ ᠠᠮᠠᠷᠬᠠᠨ ᠪᠣᠯᠭᠠᠳᠠᠭ ᠪᠠᠰᠠ ᠨᠢᠭᠡᠨ ᠴᠢᠬᠤᠯᠠ ᠬᠡᠷᠡᠭᠴᠡᠭᠡ ᠲᠡᠢ ᠶᠦᠮ᠃ ᠨᠢᠭᠡ ᠡᠳ᠋ ᠬᠡᠳᠦᠨ ᠵᠦᠢᠯ ᠦ᠋ᠨ ᠮᠡᠷᠭᠡᠨ ᠬᠡᠷᠡᠭᠴᠡᠭᠡ ᠲᠡᠢ ᠲᠤᠯᠠ ᠮᠣᠩᠭᠣᠯ ᠡᠷᠡᠭᠲᠡᠢᠴᠦᠳ ᠦ᠋ᠨ ᠪᠦᠰᠡ ᠡᠴᠡ ᠣᠨᠣᠪᠴᠢ ᠶᠡᠷᠦ ᠰᠠᠯᠳᠠᠭ ᠦᠭᠡᠢ ᠶᠦᠮ᠃ ᠱ ᠲᠦᠩᠰᠢᠭ ᠦ᠋ᠨ《ᠶᠤᠸᠠᠨ ᠤ᠋ ᠳᠡᠭᠡᠳᠦ ᠨᠡᠢᠰᠯᠡᠯ ᠱᠠᠩᠳᠤ》(ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ)᠂ ᠮᠣᠩᠭᠣᠯ ᠤᠯᠤᠰ ᠤ᠋ᠨ ᠯ· ᠳᠠᠰᠢᠨᠢᠮ᠎ᠠ ᠶ᠋ᠢᠨ《ᠮᠣᠩᠭᠣᠯ ᠨᠤᠲᠤᠭ ᠲᠠᠬᠢ ᠲᠡᠦᠬᠡ ᠰᠣᠶᠣᠯ ᠤ᠋ᠨ ᠳᠤᠷᠠᠰᠬᠠᠯ》(ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ) ᠵᠡᠷᠭᠡ ᠨᠣᠮ ᠤ᠋ᠨ ᠵᠡᠭᠦᠯᠲᠡ ᠵᠢᠷᠤᠭ ᠲᠤ ᠪᠠᠢᠭ᠎ᠠ ᠴᠢᠯᠠᠭᠤᠨ ᠨᠣᠶᠠᠨ ᠤ᠋ ᠪᠥᠰᠡᠨ ᠡᠴᠡ ᠵᠡᠭᠦᠯᠲᠡᠲᠡᠢ ᠬᠢᠲᠤᠭ᠎ᠠ ᠪᠣᠯ ᠶᠠᠭ ᠰᠠᠢᠬᠠᠨ ᠡᠨᠳᠡ ᠬᠡᠯᠡᠵᠦ ᠪᠠᠢᠭ᠎ᠠ ᠣᠨᠣᠪᠴᠢ ᠪᠥᠭᠡᠳ ᠡᠷᠲᠡᠨ ᠳ᠋ᠦ᠍ ᠪᠡᠨ ᠮᠣᠩᠭᠣᠯ ᠡᠷᠡᠴᠦᠳ ᠦ᠋ᠨ ᠪᠥᠰᠡᠨ ᠡᠴᠡ ᠣᠨᠣᠪᠴᠢ ᠰᠠᠯᠳᠠᠭ ᠦᠭᠡᠢ ᠭᠡᠳᠡᠭ ᠢ᠋ ᠭᠡᠷᠡᠴᠢᠯᠡᠵᠦ ᠪᠠᠢᠬᠤ ᠶᠤᠮ᠃ ᠡᠢᠮᠦ ᠡᠴᠡ ᠣᠨᠣᠪᠴᠢ ᠪᠣᠯ ᠮᠣᠩᠭᠣᠯᠴᠤᠳ ᠤ᠋ᠨ ᠪᠡᠶ᠎ᠡ ᠡᠴᠡ ᠪᠡᠨ ᠰᠠᠯᠤᠯ ᠦᠭᠡᠢ ᠰᠦᠢᠷᠡᠵᠦ ᠶᠠᠪᠤᠳᠠᠭ ᠬᠢᠲᠤᠭ᠎ᠠ ᠪᠥᠭᠡᠳ ᠣᠳᠣᠬᠠᠨ ᠤ᠋ ᠣᠯᠠᠨ ᠬᠡᠷᠡᠭᠴᠡᠭᠡᠲᠦ ᠴᠡᠷᠢᠭ ᠦ᠋ᠨ ᠬᠢᠲᠤᠭ᠎ᠠ ᠶ᠋ᠢᠨ ᠡᠪᠦᠭᠡ ᠡᠴᠢᠭᠡ ᠨᠢ ᠮᠥᠨ᠃
1. 3 . 4 ᠡᠯ᠎ᠡ ᠵᠦᠢᠯ ᠦ᠋ᠨ ᠣᠨᠣᠪᠴᠢ
2 ᠴᠢᠯᠠᠭᠤᠨ ᠨᠣᠶᠠᠨ ᠤ᠋ ᠲᠠᠰᠢᠶᠠᠨ ᠳ᠋ᠤ᠌ ᠪᠠᠢᠭ᠎ᠠ ᠣᠨᠣᠪᠴᠢ
ᠢᠷᠡᠯᠲᠡ《ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ》 ᠠ᠋ᠴᠠ
ᠵᠣᠬᠢᠶᠠᠭᠴᠢ᠄ ᠪᠡ᠊· ᠰ· ᠬᠥᠭᠵᠢᠯᠲᠦ ᠵᠣᠷᠢᠭᠲᠤ ᠵᠣᠬᠢᠶᠠᠪᠠ

   ᠦᠰᠦᠭ ᠠᠮᠢᠯᠠᠭᠤᠯᠤᠭᠴᠢ᠄ ᠲᠤᠶᠠᠭ᠎ᠠ
   ᠬᠢᠨᠠᠭᠴᠢ᠄ ᠣᠳᠬᠠᠨᠰᠣ᠎ᠠ