ᠬᠡᠲᠡХэтэ-ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ1-02ᠤ᠋· ᠰ· ᠬᠥᠭᠵᠢᠯᠲᠦ ᠡᠳ᠋ᠯᠡᠯ ᠬᠡᠷᠡᠭᠰᠡᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠲᠡХэтэ-ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ1-02ᠤ᠋· ᠰ· ᠬᠥᠭᠵᠢᠯᠲᠦ

ᠬᠡᠲᠡХэтэ-ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ1-02ᠤ᠋· ᠰ· ᠬᠥᠭᠵᠢᠯᠲᠦ

2023-10-29

490

ᠬᠡᠲᠡ

   ᠶᠠᠭᠤᠨ ᠤ᠋ ᠡᠮᠦᠨ᠎ᠡ ᠬᠡᠲᠡ ᠪᠣᠯ ᠬᠠᠮᠤᠭ ᠠᠪᠰᠠᠷᠬᠠᠨ ᠭᠠᠯ ᠠᠪᠬᠤ ᠪᠠᠭᠠᠵᠢ ᠮᠥᠨ᠃ ᠬᠡᠲᠡ ᠳ᠋ᠦ᠍ ᠵᠠᠷᠤᠳᠠᠭ ᠤᠯᠠ ᠪᠣᠯ ᠬᠡᠭᠡᠷ᠎ᠡ ᠶ᠋ᠢᠨ ᠤᠯᠠ ᠡᠪᠡᠰᠦᠨ( ᠴᠢᠨᠤᠭᠠᠨ᠎ᠠ ᠪᠤᠶᠤ ᠠᠩᠭᠠᠯᠵᠠᠭᠤᠷ) ᠤ᠋ᠨ ᠬᠠᠯᠢᠰᠤ ᠪᠠᠷ ᠬᠢᠭᠰᠡᠨ ᠤᠩᠭᠠᠷᠢᠯ ᠶᠤᠮ᠃
ᠤᠯᠠ ᠭᠡᠳᠡᠭ ᠨᠢ ᠤᠯᠠᠯᠠᠵᠤ ᠢᠪᠡᠬᠦ ᠭᠡᠰᠡᠨ ᠤᠳᠬ᠎ᠠ ᠲᠠᠢ ᠦᠭᠡ ᠮᠥᠨ᠃ ᠭᠠᠯ ᠠᠪᠬᠤ ᠳ᠋ᠤ᠌ ᠪᠠᠨ ᠴᠠᠬᠢᠭᠤᠷ ᠴᠢᠯᠠᠭᠤᠨ ᠳᠡᠭᠡᠷ᠎ᠡ ᠤᠯᠠ ᠪᠠᠨ ᠤᠯᠠᠯᠠᠵᠤ᠂ ᠬᠡᠲᠡ ᠶ᠋ᠢᠨ ᠢ᠋ᠶ᠋ᠡᠨ ᠭᠠᠩ ᠮᠥᠷᠥ ᠪᠡᠷ ᠴᠠᠬᠢᠵᠤ ᠪᠠᠢᠭᠠᠳ ᠣᠴᠢ ᠥᠰᠥᠷᠬᠡᠵᠦ ᠤᠯᠠ ᠳ᠋ᠠᠭᠠᠨ ᠭᠠᠯ ᠵᠣᠯᠭᠠᠭᠤᠯᠳᠠᠭ᠃ ᠡᠢᠮᠦ ᠡᠴᠡ ᠬᠡᠲᠡ ᠪᠣᠯ ᠵᠠᠷᠤᠬᠤ ᠮᠠᠲ᠋ᠧᠷᠢᠶᠠᠯ ᠨᠢ ᠬᠢᠮᠳᠠ᠂ ᠬᠡᠷᠡᠭᠯᠡᠬᠦ ᠳ᠋ᠦ᠍ ᠳᠥᠭᠥᠮ᠂ ᠨᠡᠯᠢᠶᠡᠳ ᠳᠠᠪᠰᠢᠩᠭᠤᠢ ᠭᠠᠯ ᠠᠪᠬᠤ ᠡᠳ᠋ ᠶᠦᠮ᠃   
   ᠬᠣᠶᠠᠷ ᠳ᠋ᠦ᠍᠂ ᠬᠡᠭᠡᠨᠴᠢᠷ ᠡᠳ᠋᠂ ᠬᠥᠷᠥᠩᠭᠡ ᠬᠣᠭᠰᠢᠯ ᠮᠥᠨ᠃ ᠪᠠᠶᠠᠨ ᠬᠥᠮᠦᠨ ᠦ᠌ ᠵᠠᠷᠤᠳᠠᠭ ᠬᠡᠲᠡ ᠪᠣᠯ ᠡᠯ᠎ᠡ ᠵᠦᠢᠯ ᠦ᠋ᠨ ᠡᠷᠳᠡᠨᠢ ᠴᠢᠯᠠᠭᠤ᠂ ᠠᠯᠲᠠ ᠮᠥᠩᠭᠥ ᠪᠡᠷ ᠴᠢᠮᠡᠭᠰᠡᠨ ᠬᠡᠭᠡᠨᠴᠢᠷ ᠡᠳ᠋᠂ ᠦᠨᠡᠲᠦ ᠬᠡᠷᠡᠭᠰᠡᠯ ᠶᠦᠮ᠃ ᠶᠠᠳᠠᠭᠤ ᠬᠥᠮᠦᠨ ᠦ᠌ ᠬᠡᠲᠡ ᠪᠣᠯ ᠵᠥᠪᠬᠡᠨ ᠭᠠᠩ ᠮᠥᠷᠥ᠂ ᠠᠷᠠᠰᠤᠨ ᠭᠡᠷ ᠬᠣᠶᠠᠷ ᠢ᠋ᠶ᠋ᠠᠷ ᠪᠦᠷᠢᠯᠳᠦᠭᠰᠡᠨ ᠬᠢᠮᠳᠠ ᠬᠢᠯᠪᠠᠷ ᠡᠳ᠋ ᠶᠦᠮ᠃ ᠲᠡᠭᠡᠬᠦ ᠳ᠋ᠦ᠍ ᠪᠡᠨ ᠬᠡᠲᠡ ᠪᠣᠯ ᠵᠠᠷᠤᠵᠤ ᠪᠠᠢᠭ᠎ᠠ ᠡᠵᠡᠨ ᠦ᠌ ᠪᠡᠨ ᠨᠡᠢᠭᠡᠮ ᠦ᠋ᠨ ᠪᠠᠢᠷᠢ ᠰᠠᠭᠤᠷᠢ ᠪᠠ ᠪᠠᠶᠠᠨ ᠡᠷᠬᠢᠮ ᠦ᠋ᠨ ᠪᠡᠯᠭᠡ ᠲᠡᠮᠳᠡᠭ᠂ ᠮᠥᠨ ᠴᠤ᠌ ᠬᠠᠷᠢᠯᠴᠠᠨ ᠮᠠᠢᠮᠠᠢᠯᠠᠵᠤ᠂ ᠥᠪᠯᠡᠵᠦ ᠵᠠᠯᠭᠠᠮᠵᠢᠯᠠᠵᠤ ᠪᠣᠯᠳᠠᠭ ᠬᠥᠷᠥᠩᠭᠡ ᠮᠥᠩᠭᠥ ᠶ᠋ᠢᠨ ᠨᠡᠢᠲᠡᠯᠢᠭ ᠴᠢᠨᠠᠷ ᠢ᠋ ᠭᠦᠢᠴᠡᠳ ᠠᠬᠤᠭᠤᠯᠤᠭᠰᠠᠨ ᠡᠳ᠋ᠯᠡᠯ ᠮᠥᠨ᠃
   ᠭᠤᠷᠪᠠ ᠳ᠋ᠤ᠌᠂ ᠬᠡᠲᠡ ᠪᠣᠯ ᠬᠡᠲᠡᠪᠴᠢ ᠶ᠋ᠢᠨ ᠡᠪᠦᠭᠡ ᠳᠡᠭᠡᠳᠦ ᠮᠥᠨ᠃ ᠤᠴᠢᠷ ᠨᠢ ᠬᠡᠲᠡ ᠶ᠋ᠢᠨ ᠠᠷᠠᠰᠤᠨ ᠭᠡᠷ ᠲᠦ ᠪᠠᠭ᠎ᠠ ᠰᠠᠭ᠎ᠠ ᠵᠠᠢᠷ ᠮᠥᠩᠭᠥ ᠪᠡᠨ ᠬᠠᠳᠠᠭᠠᠯᠠᠵᠤ ᠪᠣᠯᠳᠠᠭ ᠲᠤᠯᠠ ᠬᠡᠲᠡ ᠳ᠋ᠦ᠍ ᠭᠠᠯ ᠠᠪᠬᠤ ᠬᠡᠷᠡᠭᠴᠡᠭᠡ ᠡᠴᠡ ᠭᠠᠳᠠᠨ᠎ᠠ ᠪᠠᠰᠠ ᠵᠣᠭᠣᠰᠤᠨ ᠪᠣᠭᠴᠣ ᠶ᠋ᠢᠨ ᠬᠡᠷᠡᠭᠴᠡᠭᠡ ᠪᠠᠢᠳᠠᠭ ᠶᠤᠮ᠃ ᠰᠡᠭᠦᠯᠡᠷ ᠨᠢ ᠬᠥᠮᠦᠰ ᠬᠡᠲᠡ ᠶ᠋ᠢᠨ ᠭᠡᠷ ᠢ᠋ ᠳᠠᠭᠤᠷᠢᠶᠠᠭᠠᠳ ᠲᠤᠰᠬᠠᠢᠯᠠᠨ ᠵᠣᠭᠣᠰ ᠰᠠᠪᠠᠯᠠᠳᠠᠭ ᠠᠷᠠᠰᠤᠨ ᠪᠣᠭᠴᠣ ᠬᠢᠭᠰᠡᠨ ᠡᠴᠡ ᠬᠡᠲᠡᠪᠴᠢ ᠪᠣᠢ ᠪᠣᠯᠵᠠᠢ᠃ ᠡᠢᠮᠦ ᠡᠴᠡ ᠵᠣᠭᠣᠰᠤᠨ ᠬᠡᠲᠡᠪᠴᠢ ᠪᠣᠯ ᠬᠡᠲᠡ ᠶ᠋ᠢᠨ ᠲᠥᠷᠥᠯ ᠠᠷᠠᠯᠵᠢᠭᠰᠠᠨ ᠪᠡᠶ᠎ᠡ ᠮᠥᠨ ᠪᠥᠭᠡᠳ ᠦᠭᠡ ᠶ᠋ᠢᠨ ᠢᠵᠠᠭᠤᠷ ᠨᠢ ᠬᠡᠲᠡ ᠮᠥᠨ᠃ ᠡᠨᠡ ᠬᠦ᠌ ᠬᠡᠲᠡᠪᠴᠢ ᠪᠡᠨ ᠭᠤᠲᠤᠯ ᠤ᠋ᠨ ᠲᠦᠷᠡᠢ ᠳ᠋ᠦ᠍ ᠪᠡᠨ ᠬᠠᠪᠴᠢᠭᠤᠯᠳᠠᠭ ᠲᠤᠯᠠ ᠰᠡᠭᠦᠯᠡᠷ ᠪᠠᠰᠠ ᠲᠦᠷᠡᠢᠪᠴᠢ ᠭᠡᠵᠦ ᠨᠡᠷᠡᠯᠡᠳᠡᠭ ᠪᠣᠯᠵᠠᠢ᠃ 
   ᠳᠥᠷᠪᠡ ᠳ᠋ᠦ᠍᠂ ᠬᠡᠲᠡ ᠬᠢᠲᠤᠭ᠎ᠠ ᠵᠡᠭᠦᠬᠦ ᠶ᠋ᠢᠨ ᠤᠬᠠᠭᠠᠨ᠃ ᠵᠣᠣ ᠤᠳᠠ ᠶ᠋ᠢᠨ ᠮᠣᠩᠭᠣᠯᠴᠤᠳ ᠢ᠋ᠶ᠋ᠠᠷ ᠵᠢᠱ᠌ᠢᠶᠡᠯᠡᠬᠦ ᠳ᠋ᠦ᠍᠂ ᠲᠤᠤᠬᠠᠢ ᠪᠠᠷ ᠢ᠋ᠶ᠋ᠠᠨ ᠬᠢᠲᠤᠭ᠎ᠠ ᠪᠠᠨ ᠪᠠᠷᠠᠭᠤᠨ ᠲᠠᠰᠢᠶᠠᠨ ᠤ᠋ ᠪᠠᠨ ᠪᠥᠰᠡᠨ ᠡᠴᠡ ᠪᠡᠨ ᠵᠡᠭᠦᠵᠦ᠂ ᠮᠥᠩᠭᠥ᠂ ᠲᠣᠷᠭ᠎ᠠ ᠪᠤᠶᠤ ᠰᠤᠷ ᠵᠡᠷᠭᠡ ᠣᠭᠣᠰᠣᠷ ᠢ᠋ᠶ᠋ᠠᠷ ᠲᠤᠤᠬᠠᠢ ᠠ᠋ᠴᠠ ᠪᠠᠨ ᠬᠡᠲᠡ ᠪᠡᠨ ᠣᠭᠣᠰᠣᠷᠯᠠᠵᠤ ᠮᠥᠨ ᠪᠠᠷᠠᠭᠤᠨ ᠲᠠᠯ᠎ᠠ ᠶ᠋ᠢᠨ ᠠᠷᠤ ᠲᠠᠰᠢᠶᠠᠨ ᠤ᠋ ᠪᠠᠨ ᠪᠥᠰᠡᠨ ᠡᠴᠡ ᠡᠯᠭᠦᠭᠦᠷ ᠢ᠋ᠶ᠋ᠡᠷ ᠢ᠋ᠶ᠋ᠡᠨ ᠵᠡᠭᠦᠨ᠎ᠡ᠃ ᠪᠠᠷᠠᠭᠤᠨ ᠲᠠᠰᠢᠶᠠᠨ ᠳ᠋ᠤ᠌ ᠪᠠᠨ ᠬᠡᠲᠡ ᠬᠢᠲᠤᠭ᠎ᠠ ᠵᠡᠭᠦᠬᠦ ᠶ᠋ᠢᠨ ᠤᠬᠠᠭᠠᠨ ᠨᠢ ᠲᠣᠮᠣ ᠶᠠᠭᠤᠮ᠎ᠠ ᠵᠡᠭᠦᠬᠦ ᠳ᠋ᠦ᠍ ᠮᠣᠷᠢᠨ ᠳ᠋ᠤ᠌ ᠮᠣᠷᠳᠠᠬᠤ ᠶ᠋ᠢ ᠬᠠᠷᠰᠢᠯᠠᠬᠤ ᠦᠭᠡᠢ ᠪᠠᠢᠳᠠᠭ ᠵᠡᠭᠦᠨ ᠲᠠᠰᠢᠶ᠎ᠠ ᠪᠠᠨ ᠨᠤᠮᠤ ᠰᠤᠮᠤ ᠵᠡᠭᠦᠬᠦ ᠳ᠋ᠦ᠍ ᠰᠤᠯᠠ ᠦᠯᠡᠳᠡᠭᠡᠳᠡᠭ ᠤᠬᠠᠭᠠᠨ ᠲᠠᠢ ᠶᠤᠮ᠃ ᠮᠣᠩᠭᠣᠯᠴᠤᠳ ᠡᠮᠡᠭᠡᠯ ᠳᠡᠭᠡᠷ᠎ᠡ ᠪᠡᠨ ᠶᠠᠭᠤᠮ᠎ᠠ ᠭᠠᠨᠵᠤᠭᠠᠯᠠᠬᠤ ᠳ᠋ᠤ᠌ ᠪᠠᠨ ᠴᠤ᠌ ᠡᠨᠡ ᠬᠦ᠌ ᠶᠣᠰᠣ ᠶ᠋ᠢ ᠮᠥᠷᠳᠡᠵᠦ ᠵᠥᠪ ᠲᠠᠯ᠎ᠠ ᠶ᠋ᠢᠨ ᠬᠣᠢᠲᠤ ᠭᠠᠨᠵᠤᠭᠠᠨ ᠳ᠋ᠤ᠌ ᠪᠠᠨ ᠶᠠᠭᠤᠮ᠎ᠠ ᠭᠠᠨᠵᠤᠭᠠᠯᠠᠳᠠᠭ ᠦᠭᠡᠢ ᠶᠦ᠍ᠮ᠃ ᠡᠨᠡ ᠪᠣᠯ ᠬᠠᠮᠤᠭ ᠤ᠋ᠨ ᠳᠥᠭᠥᠮ ᠠᠪᠰᠠᠷ᠂ ᠤᠬᠠᠭᠠᠨᠴᠢ ᠪᠠᠷᠢᠮᠵᠢᠶᠠᠯᠢᠭ ᠬᠡᠲᠡ ᠬᠢᠲᠤᠭ᠎ᠠ ᠵᠡᠭᠦᠬᠦ ᠵᠢᠷᠤᠮ ᠮᠥᠨ᠃
ᠡᠮᠡᠭᠲᠡᠢ ᠬᠥᠮᠦᠨ ᠦ᠌ ᠬᠤᠢ ᠬᠢᠲᠤᠭ᠎ᠠ ᠪᠠ ᠬᠡᠲᠡ ᠪᠣᠯ ᠡᠷᠡᠭᠲᠡᠢ ᠬᠥᠮᠦᠨ ᠦ᠌ ᠬᠡᠲᠡ ᠬᠢᠲᠤᠭ᠎ᠠ ᠲᠠᠢ ᠠᠳᠠᠯᠢᠬᠠᠨ ᠪᠠᠢᠳᠠᠭ ᠪᠣᠯᠪᠠᠴᠤ ᠵᠢᠵᠢᠭ ᠠᠪᠰᠠᠷᠬᠠᠨ᠂ ᠬᠢᠴᠡ ᠨᠢ ᠴᠤ᠌ ᠭᠣᠶᠣ ᠪᠠᠢᠳᠠᠭ ᠡᠳᠦᠷ ᠳᠣᠳᠣᠮ ᠤ᠋ᠨ ᠬᠡᠷᠡᠭᠯᠡᠭᠡᠨ ᠦ᠌ ᠡᠳ᠋᠂ ᠬᠡᠭᠡᠨᠴᠢᠷ ᠡᠳ᠋ ᠪᠥᠭᠡᠳ ᠪᠡᠶ᠎ᠡ ᠬᠠᠮᠠᠭᠠᠯᠠᠬᠤ ᠵᠡᠪᠰᠡᠭ ᠮᠥᠨ᠃ ᠡᠮᠡᠭᠲᠡᠢ ᠬᠥᠮᠦᠨ ᠦᠷᠭᠦᠯᠵᠢ ᠬᠢᠲᠤᠭ᠎ᠠ ᠵᠡᠭᠦᠬᠦ ᠪᠢᠰᠢ᠂ ᠬᠡᠷᠪᠡ ᠵᠡᠭᠦᠬᠦ ᠴᠢᠬᠤᠯᠠ ᠲᠠᠢ ᠪᠣᠯ ᠡᠩᠭᠡᠷ ᠦ᠋ᠨ ᠲᠣᠪᠴᠢᠨ ᠠ᠋ᠴᠠ ᠪᠠᠨ ᠲᠣᠷᠭᠣᠵᠤ ᠳᠣᠲᠣᠭᠠᠳᠤ ᠡᠩᠭᠡᠷ ᠤᠷᠤᠭᠤ ᠪᠠᠨ ᠤᠨᠵᠢᠭᠤᠯᠳᠠᠭ᠃ ᠬᠡᠲᠡ ᠶ᠋ᠢ ᠪᠣᠯ ᠢᠯᠡ ᠵᠡᠭᠦᠬᠦ ᠪᠤᠶᠤ ᠡᠪᠦᠷᠯᠡᠵᠦ ᠶᠠᠪᠤᠳᠠᠭ᠃


—《 ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ》 ᠭᠡᠬᠦ ᠨᠣᠮ ᠠ᠋ᠴᠠ

      ᠦᠰᠦᠭ ᠠᠮᠢᠯᠠᠭᠤᠯᠤᠭᠴᠢ᠄ ᠵ᠂ ᠪᠤᠶᠠᠨᠲᠣᠭᠲᠠᠬᠤ
      ᠬᠢᠨᠠᠭᠴᠢ᠄ ᠣᠳᠬᠠᠨᠰᠤ᠎ᠠ᠂ ᠰᠡᠬᠡᠭᠡᠷᠡᠯ