ᠥᠭᠡᠳᠡ ᠪᠣᠳᠣᠯ- ᠵᠠ᠊·ᠤᠷᠳᠦᠨᠠᠰᠦᠨӨөд бодол-ж·Уртнасан
ᠥᠭᠡᠳᠡ ᠪᠣᠳᠣᠯ
ᠰᠢᠯᠦᠭ᠄ ᠵᠠ᠊·ᠤᠷᠳᠦᠨᠠᠰᠦᠨ
ᠤᠶᠠᠩᠭᠠᠯᠠᠭᠴᠢ᠄ ᠵᠠ᠊·ᠤᠷᠳᠦᠨᠠᠰᠦᠨ
ᠥᠷᠯᠥᠭᠡ ᠪᠣᠯᠭᠠᠨ ᠤ᠋ ᠨᠠᠷᠠ ᠮᠠᠨᠳᠤᠵᠤ ᠪᠠᠢᠬᠤ ᠠ᠋ᠴᠠ ᠡᠬᠢᠯᠡᠨᠡᠮ
ᠡᠷᠦᠬᠡ ᠲᠠᠲᠠᠬᠤ ᠲᠣᠭᠠᠯᠠᠩ ᠢ᠋ᠶ᠋ᠠᠷ ᠭᠡᠷᠡᠯ ᠠᠮᠢᠰᠬᠤᠵᠤ ᠠᠷᠢᠭᠤᠰᠤᠨᠠᠮ
ᠥᠨᠳᠥᠷ ᠲᠩᠷᠢ ᠶ᠋ᠢ ᠴᠢᠮᠡᠭᠯᠡᠨ ᠰᠢᠪᠠᠭᠤᠳ ᠤ᠋ᠨ ᠳᠠᠭᠤ ᠲᠠᠢ ᠵᠢᠷᠭᠢᠨᠡᠮ
ᠡᠪᠦᠯᠵᠢᠶᠡᠨ ᠦ᠌ ᠡᠩᠭᠡᠷ ᠦ᠋ᠨ ᠬᠤᠮᠠᠭ ᠤ᠋ᠨ ᠳᠡᠭᠡᠷ᠎ᠡ ᠬᠢᠶᠠᠭ ᠤ᠋ᠨ ᠨᠢᠳᠦ ᠲᠡᠢ ᠬᠥᠯᠥᠷᠡᠨᠡᠮ
ᠲᠠᠪᠤᠨ ᠬᠣᠰᠢᠭᠤ ᠮᠠᠯ ᠤ᠋ᠨ ᠢ᠋ᠶ᠋ᠠᠨ ᠪᠡᠯᠴᠢᠭᠡᠷ ᠳᠠᠭᠠᠵᠤ ᠨᠡᠭᠦᠳᠡᠯᠯᠡᠨᠡᠮ
ᠲᠠᠷᠠᠭ ᠠᠢᠷᠠᠭ ᠲᠠᠢ ᠱᠤᠤᠭᠢᠵᠤ ᠠᠮᠠᠰᠠᠷ ᠢ᠋ᠶ᠋ᠠᠨ ᠳᠠᠭᠠᠵᠤ ᠠᠰᠬᠠᠷᠠᠨᠠᠮ
ᠲᠠᠨᠠᠨ ᠡᠷᠳᠡᠨᠢ ᠶ᠋ᠢᠨ ᠵᠢᠩᠰᠡ ᠮᠡᠲᠦ ᠬᠡᠢᠮᠣᠷᠢ ᠡᠷᠭᠦᠨ ᠭᠢᠯᠠᠯᠵᠠᠨᠠᠮ
ᠲᠠᠢᠪᠤᠩ ᠠᠮᠤᠭᠤᠯᠠᠩ ᠪᠦᠬᠦᠨ ᠦ᠌ ᠵᠤᠯᠠᠢ ᠳᠡᠭᠡᠷ᠎ᠡ ᠨᠢ ᠠᠮᠢᠯᠠᠨᠠᠮ
ᠠᠢᠯ ᠭᠡᠷ ᠦ᠋ᠨ ᠢ᠋ᠶ᠋ᠡᠨ ᠲᠤᠯᠭᠠᠨ ᠳ᠋ᠤ᠌ ᠠᠷᠭᠠᠯ ᠤ᠋ᠨ ᠭᠠᠯ ᠲᠠᠢ ᠥᠭᠡᠳᠡ ᠪᠡᠨ
ᠠᠯᠠᠭ ᠱᠠᠭᠠᠵᠠᠭᠠᠢ ᠰᠠᠭᠤᠭᠰᠠᠨ ᠤᠶᠠᠭᠠᠨ ᠤ᠋ ᠠᠴᠠ ᠮᠡᠲᠦ ᠥᠭᠡᠳᠡ ᠪᠡᠨ
ᠠᠩᠭᠠᠯ ᠭᠦᠨ ᠬᠤᠳᠳᠤᠭ ᠤ᠋ᠨ ᠬᠣᠪᠣᠭᠣ ᠲᠠᠢ ᠤᠰᠤ ᠰᠢᠭ᠋ ᠥᠭᠡᠳᠡ ᠪᠡᠨ
ᠠᠭᠠᠷᠤ ᠽᠠᠨᠳᠠᠨ ᠳᠣᠮᠪᠤᠨ ᠠ᠋ᠴᠠ ᠠᠮᠢᠨ ᠰᠠᠴᠤᠯᠢ ᠨᠢ ᠴᠦ᠍ ᠥᠭᠡᠳᠡ ᠪᠡᠨ
ᠪᠠᠭ᠎ᠠ ᠨᠠᠰᠤ ᠶ᠋ᠢ ᠮᠢᠨᠢ ᠡᠷᠭᠦᠭᠰᠡᠨ ᠳᠥᠷᠦᠭᠡᠨ ᠦ᠌ ᠲᠠᠪᠠᠭ ᠨᠢ ᠭᠡᠷᠡᠯᠲᠦᠳᠡᠭ
ᠪᠠᠭᠠᠲᠤᠷᠯᠠᠵᠤ ᠶᠠᠪᠤᠭᠰᠠᠨ ᠡᠪᠦᠭᠡᠳ ᠦ᠋ᠨ ᠦᠯᠢᠭᠡᠷ ᠦ᠋ᠨ ᠳᠤᠤᠯᠢᠶᠠᠨ ᠳ᠋ᠤ᠌ ᠢᠷᠯᠡᠭᠳᠡᠭᠳᠡᠭ
ᠪᠠᠯ ᠰᠢᠭ᠋ ᠢᠨᠠᠭ ᠤ᠋ᠨ ᠠᠮᠲᠠᠲᠠᠢ ᠠᠮᠢᠳᠤᠷᠠᠯ ᠤ᠋ᠨ ᠦᠨᠡᠨ ᠳ᠋ᠦ᠍ ᠲᠣᠳᠣᠷᠠᠳᠠᠭ
ᠪᠠᠷᠠᠭᠠᠨ ᠬᠠᠷᠠᠩᠭᠤᠢ ᠶ᠋ᠢ ᠢᠯᠠᠭᠰᠠᠨ ᠪᠤᠷᠬᠠᠨ ᠤ᠋ ᠰᠠᠨᠠᠭ᠎ᠠ ᠮᠡᠲᠦ ᠮᠥᠩᠬᠡᠷᠡᠳᠡᠭ
ᠠᠭᠤᠯᠠᠰ ᠤ᠋ᠨ ᠰᠠᠷᠢᠳᠠᠭ ᠣᠷᠭᠢᠯ ᠡᠭᠦᠯᠡᠰ ᠴᠤᠭᠤᠴᠢᠨ ᠬᠣᠯᠠᠳᠬᠤ ᠰᠢᠭ᠋
ᠤᠷᠭᠤᠮᠠᠯ ᠪᠦᠬᠦᠨ ᠦ᠌ ᠦᠨᠳᠦᠰᠦ ᠭᠠᠵᠠᠷ ᠴᠣᠭᠣᠴᠢᠨ ᠰᠢᠮᠳᠠᠬᠤ ᠰᠢᠭ᠋
ᠤᠭᠤᠷᠠᠭ ᠰᠦᠨ ᠦ᠌ ᠰᠢᠳᠢ ᠰᠤᠳᠠᠰᠤ ᠪᠦᠬᠦᠨ ᠳ᠋ᠦ᠍ ᠨᠢ ᠣᠷᠣᠰᠢᠬᠤ ᠰᠢᠭ᠋
ᠣᠷᠣᠭᠰᠢ ᠲᠡᠮᠡᠦᠯᠦᠭᠦᠯᠦᠭᠰᠡᠨ ᠪᠣᠳᠣᠯ ᠤ᠋ᠨ ᠮᠥᠷ ᠨᠢ ᠬᠡᠵᠢᠶᠡᠳᠡ ᠥᠭᠡᠳᠡ ᠪᠡᠨ
ᠠᠪᠤ ᠡᠵᠢ ᠶ᠋ᠢᠨ ᠮᠢᠨᠢ ᠪᠣᠳᠣᠯ ᠤᠳᠤᠮ ᠤ᠋ᠨ ᠢ᠋ᠶ᠋ᠠᠨ ᠲᠥᠯᠥᠭᠡ ᠥᠭᠡᠳᠡ ᠪᠡᠨ
ᠠᠮᠠᠷᠠᠭ ᠬᠠᠨᠢ ᠶ᠋ᠢᠨ ᠪᠣᠳᠣᠯ ᠦᠷ᠎ᠡ ᠶ᠋ᠢᠨ ᠢ᠋ᠶ᠋ᠡᠨ ᠲᠥᠯᠥᠭᠡ ᠥᠭᠡᠳᠡ ᠪᠡᠨ
ᠠᠨᠳᠠ ᠨᠥᠬᠥᠳ ᠦ᠋ᠨ ᠮᠢᠨᠢ ᠪᠣᠳᠣᠯ ᠨᠥᠬᠥᠷᠯᠡᠯ ᠦ᠋ᠨ ᠲᠥᠯᠥᠭᠡ ᠥᠭᠡᠳᠡ ᠪᠡᠨ
ᠠᠭᠤᠤ ᠬᠥᠮᠦᠰ ᠦ᠋ᠨ ᠪᠣᠳᠣᠯ ᠮᠣᠩᠭᠣᠯ ᠤ᠋ᠨ ᠢ᠋ᠶ᠋ᠠᠨ ᠲᠥᠯᠥᠭᠡ ᠯᠡ ᠥᠭᠡᠳᠡ ᠪᠡᠨ
ᠥᠭᠡᠳᠡ ᠪᠣᠳᠣᠯ ᠲᠠᠢ ᠪᠣᠯᠬᠣᠷ ᠴᠢᠩᠭᠢᠰ ᠳᠡᠯᠡᠬᠡᠢ ᠶ᠋ᠢ ᠡᠵᠡᠯᠡᠵᠦ ᠶᠠᠪᠤᠭᠰᠠᠨ
ᠥᠭᠡᠳᠡ ᠪᠣᠳᠣᠯ ᠲᠠᠢ ᠪᠣᠯᠬᠣᠷ ᠭᠠᠯᠳᠠᠨ ᠰᠡᠯᠡᠮ᠎ᠡ ᠳᠠᠯᠠᠢᠵᠤ ᠪᠣᠰᠤᠭᠰᠠᠨ
ᠥᠭᠡᠳᠡ ᠪᠣᠳᠣᠯ ᠲᠠᠢ ᠪᠣᠯᠬᠣᠷ ᠮᠠᠨᠳᠤᠬᠠᠢ ᠲᠥᠷᠥ ᠶ᠋ᠢᠨ ᠵᠢᠯᠣᠭᠣ ᠠᠳᠬᠤᠭᠰᠠᠨ
ᠥᠭᠡᠳᠡ ᠪᠣᠳᠣᠯ ᠲᠠᠢ ᠪᠣᠯᠬᠣᠷ ᠯᠢᠭᠳᠡᠨ ᠡᠵᠡᠨ ᠰᠦᠯᠳᠡ ᠪᠡᠨ ᠬᠠᠮᠠᠭᠠᠯᠠᠭᠰᠠᠨ
ᠥᠭᠡᠳᠡ ᠪᠣᠳᠣᠯ ᠢ᠋ ᠰᠢᠲᠦᠵᠦ ᠶᠠᠪᠤᠭᠠᠷᠠᠢ ᠬᠥᠮᠦᠰ ᠠ᠋
ᠥᠭᠡᠳᠡ ᠪᠣᠳᠣᠯ ᠬᠥᠮᠦᠨ ᠢ᠋ ᠬᠥᠮᠦᠨ ᠪᠣᠯᠭᠠᠳᠠᠭ ᠶᠤᠮ ᠠ᠋
ᠥᠭᠡᠳᠡ ᠪᠣᠳᠣᠯ ᠬᠥᠮᠦᠰ ᠢ᠋ ᠥᠭᠡᠳᠡᠷᠬᠡᠭ ᠠᠮᠢᠳᠤᠷᠠᠭᠤᠯᠳᠠᠭ ᠶᠤᠮ ᠠ᠋
ᠦᠰᠦᠭ ᠬᠠᠲᠠᠭᠰᠠᠨ ᠨᠢ᠄ ᠮᠣᠳᠣᠲᠤ ᠬᠠᠪᠤᠷᠵᠢᠶ᠎ᠠ
ᠦᠰᠦᠭ ᠠᠮᠢᠯᠠᠭᠤᠯᠤᠭᠰᠠᠨ ᠨᠢ᠄ ᠣᠳᠣᠨᠭᠡᠷᠡᠯ
ᠬᠢᠨᠠᠭᠴᠢ᠄ ᠵᠠ᠊·ᠤᠷᠳᠦᠨᠠᠰᠦᠨ᠂ ᠣᠳᠣᠨᠭᠡᠷᠡᠯ᠂ ᠢᠷᠡᠭᠡᠳᠦᠢ
