ᠳᠣᠯᠭᠠᠷ ᠨᠠᠭᠠᠰᠢᠲᠠᠢ ᠪᠣᠯᠪᠠ – ᠴ ᠂ ᠳᠣᠷᠵᠢᠭᠣᠳᠣᠪ Долгор нааштай болов – Ч ᠂ Доржготов
ᠳᠣᠯᠭᠠᠷ ᠨᠠᠭᠠᠰᠢᠲᠠᠢ ᠪᠣᠯᠪᠠ
( ᠬᠣᠱᠣᠩ ᠥᠭᠦᠯᠡᠯᠭᠡ)
— ᠤᠷᠳᠤᠭᠤᠷ ᠤᠷᠤᠭᠰᠠ ᠬᠣᠶᠠᠷ ᠬᠥᠮᠦᠨ ᠮᠥᠩᠭᠥ ᠪᠡᠨ ᠶᠠᠪᠤᠭᠤᠯᠤᠭᠠᠷᠠᠢ ᠭᠡᠵᠦ ᠺᠤᠨᠲᠤᠺᠲ᠋ᠤᠷ ① ᠢ᠋ ᠬᠠᠰᠬᠢᠷᠬᠤ ᠳ᠋ᠤ᠌᠂
— ᠲᠡᠷᠡ ᠵᠣᠯᠢᠭ ᠢ᠋ ᠴᠢᠨᠢ ᠪᠠᠢᠭᠰᠠᠨ ᠪᠣᠯ ᠡᠳᠦᠢ ᠳ᠋ᠦ᠍ ᠤᠤᠭᠤᠵᠤ ᠰᠠᠭᠤᠬᠤ ᠰᠠᠨ ᠭᠡᠵᠦ ᠠᠥ᠋ᠲ᠋ᠤᠪᠦᠶ᠋ᠰ ᠦ᠋ᠨ ᠤᠷᠲᠤ ᠬᠠᠭᠠᠯᠭ᠎ᠠ ᠪᠠᠷ ᠳᠠᠭᠠᠷᠢᠵᠤ ᠤᠷᠤᠭᠰᠠ ᠬᠣᠶᠠᠷ ᠰᠣᠭᠲᠣᠭᠤ ᠵᠠᠯᠠᠭᠤ ᠮᠠᠷᠵᠠᠭᠠᠨᠠᠪᠠ᠃
ᠭᠡᠲᠡᠯ᠎ᠡ ᠠᠷᠤ ᠠ᠋ᠴᠠ ᠨᠢᠭᠡ ᠡᠷ᠎ᠡ᠄
— ᠠᠪᠤ ᠡᠵᠢ ᠶ᠋ᠢᠨ ᠢ᠋ᠶ᠋ᠡᠨ ᠠᠥ᠋ᠲ᠋ᠤᠪᠦᠶ᠋ᠰ ᠲᠦ᠍ ᠰᠠᠭᠤ ᠭᠡᠵᠦ ᠦᠭᠭᠦᠭᠰᠡᠨ ᠮᠥᠩᠭᠥ ᠪᠡᠷ ᠠᠷᠢᠬᠢᠳᠠᠭᠠᠳ ᠰᠣᠭᠲᠣᠴᠢᠬᠠᠭᠰᠠᠨ ᠠᠪᠤ ᠶ᠋ᠢᠨ ᠴᠡᠭᠡᠵᠢ ᠨᠦ᠍ᠭᠦᠳ ᠰᠢᠪ ᠳᠡ ᠭᠡᠵᠦ ᠥᠳᠥᠭᠡᠨ ᠬᠠᠳᠬᠤᠯᠠ᠃ ᠬᠣᠶᠠᠷ ᠰᠣᠭᠲᠣᠭᠤ ᠠᠷᠤ ᠳ᠋ᠠᠭᠠᠨ ᠶᠠᠪᠤᠭ᠎ᠠ ᠢᠰᠡᠭᠡᠢ ᠮᠠᠯᠠᠭᠠᠢ ᠲᠠᠯᠪᠢᠭᠰᠠᠨ ᠳᠣᠩᠬᠣᠷ ᠡᠷ᠎ᠡ ᠶ᠋ᠢ( ᠲᠡᠷᠡ ᠨᠢ ᠪᠢ) ᠬᠡᠯᠡᠯ᠎ᠡ ᠭᠡᠵᠦ ᠡᠨᠳᠡᠭᠦᠷᠡᠭᠡᠳ᠄
— ᠴᠢ ᠪᠢᠳᠡᠨ ᠢ᠋ ᠬᠡᠨ ᠪᠣᠯᠬᠤ ᠶ᠋ᠢ ᠮᠡᠳᠡᠬᠦ ᠤᠤ? ᠭᠡᠪᠡ᠃
— ᠮᠡᠳᠡᠬᠦ ᠦᠭᠡᠢ ᠭᠡᠵᠦ ᠦᠨᠡᠨ ᠢ᠋ᠶ᠋ᠡᠨ ᠬᠡᠯᠡᠪᠡᠯ᠂
— ᠲᠡᠭᠡᠨ᠎ᠡ ᠲᠡᠷᠡ᠂ ᠳᠠᠩᠴᠤ ᠥᠭᠡᠳᠡ ᠡᠴᠡ ᠴᠣᠷ ᠴᠣᠷ ᠭᠡᠳ ᠪᠠᠢᠭᠰᠠᠨ ᠶᠤᠮ ᠭᠡᠵᠦ ᠬᠣᠶᠠᠷ ᠰᠣᠭᠲᠣᠭᠤ ᠶ᠋ᠢᠨ ᠲᠣᠮᠣ ᠨᠢ ᠮᠢᠨᠦ ᠬᠠᠮᠠᠷ ᠢ᠋ ᠰᠥᠷᠭᠡᠭᠡᠭᠡᠳ ᠬᠠᠷᠢᠨ ᠳᠠᠬᠢᠭᠠᠳ ᠳᠣᠩᠭᠣᠰᠪᠠᠯ ᠴᠢᠮ᠎ᠠ ᠶ᠋ᠢ ᠬᠤᠪᠢ ᠶ᠋ᠢᠨ ᠢ᠋ᠶ᠋ᠡᠨ ᠵᠠᠷᠤᠳᠠᠯ ᠢ᠋ᠶ᠋ᠠᠷ ᠱᠠᠮᠪᠠᠯ ② ᠳ᠋ᠤ᠌ ᠢᠯᠡᠭᠡᠴᠢᠬᠡᠬᠦ ᠨᠢ ᠰᠢᠦ ᠭᠡᠮᠡᠨ ᠬᠤᠰᠤᠨ ᠮᠤᠨᠠ ᠰᠢᠭ᠋ ᠨᠢᠳᠤᠷᠭ᠎ᠠ ᠵᠠᠩᠭᠠᠬᠤ ᠳ᠋ᠤ᠌ ᠪᠢ ᠲᠣᠯᠣᠭᠠᠢ ᠤᠷᠤᠭᠤ ᠪᠠᠨ ᠴᠣᠬᠢᠭᠤᠯᠵᠤ ᠬᠠᠰᠢᠷᠠᠴᠢᠬᠠᠭᠰᠠᠨ ᠮᠣᠷᠢ ᠰᠢᠭ᠋ ᠨᠢᠳᠦ ᠪᠡᠨ ᠠᠨᠢᠪᠴᠢᠨ ᠳᠠᠯᠳᠢᠴᠢᠪᠠ᠃ ᠥᠴᠦᠬᠡᠨ ᠪᠢ ᠥᠭᠡᠳᠡ ᠲᠠᠨᠢ ᠲᠡᠭᠡᠵᠦ ᠶᠠᠭᠠᠬᠢᠨ ᠵᠢᠷᠦᠬᠡᠯᠡᠬᠦ ᠪᠢᠯᠡ᠃ ᠠᠷᠤ ᠠ᠋ᠴᠠ ᠲᠡᠷᠡ ᠮᠠᠭᠤ ᠨᠣᠬᠠᠢ ᠯᠠ ᠬᠤᠴᠠᠭᠠᠳ ᠪᠠᠢᠨ᠎ᠠ ᠭᠡᠳ ᠠᠮᠢ ᠮᠤᠯᠲᠤᠷᠠᠬᠤ ᠪᠠᠢᠪᠠ᠃ ᠭᠡᠪᠡᠴᠦ ᠬᠠᠵᠠᠭᠤ ᠳ᠋ᠤ᠌ ᠴᠠᠬᠢᠭᠤᠷ ᠲᠡᠮᠦᠷ ᠢ᠋ ᠱᠠᠭᠰᠢᠨ ᠶᠠᠷᠢᠳᠠᠭ ᠰᠡᠳᠬᠢᠯ ᠲᠡᠢ ᠪᠦᠰᠡᠭᠦᠢ ᠲᠤᠯᠭᠠᠷ ᠮᠢᠨᠢ ᠶᠠᠪᠤᠳᠠᠭ⁈
ᠬᠣᠶᠠᠷ ᠰᠣᠭᠲᠣᠭᠤ ᠶ᠋ᠢᠨ ᠬᠠᠷᠠᠴᠠ ᠶ᠋ᠢ ᠤᠲᠤᠵᠤ ᠪᠠᠢᠭᠠᠳ ᠨᠥᠭᠦᠭᠡ ᠭᠠᠢᠲᠤ ᠡᠷ᠎ᠡ᠄
— ᠣᠮᠣᠭᠲᠠᠢ ᠯᠤᠢᠪᠠᠷᠴᠢᠨ ᠨᠤᠭᠤᠳ ᠪᠣᠢ? ᠬᠣᠩᠰᠢᠶᠠᠷ ᠤᠷᠤᠭᠤ ᠨᠢ ᠢᠰᠬᠦᠯᠦᠭᠡᠳ ᠬᠥᠭᠡᠭᠡᠵᠦ ᠭᠠᠷᠭᠠᠪᠠᠯ ᠲᠠᠭᠠᠷᠠᠨ᠎ᠠ ᠭᠡᠮᠡᠨ ᠳᠠᠬᠢᠨ ᠶᠠᠰᠤ ᠬᠠᠶᠠᠪᠠ᠃
ᠰᠠᠢᠬᠢ ᠬᠣᠶᠠᠷ ᠮᠥᠨ ᠯᠡ ᠨᠠᠮ᠎ᠠ ᠶ᠋ᠢ ᠡᠳᠦᠯᠡ ᠭᠡᠳ ᠪᠦᠷ ᠪᠠᠢᠵᠤ ᠶᠠᠳᠠᠬᠤ ᠳ᠋ᠠᠭᠠᠨ ᠲᠠᠴᠢᠭᠢᠨᠠᠲᠠᠯ᠎ᠠ ᠬᠥᠭᠡᠷᠦᠭᠰᠡᠨ ᠢ᠋ᠶ᠋ᠡᠨ ᠲᠣᠮᠣ ᠨᠢ ᠪᠠᠭ᠎ᠠ ᠶ᠋ᠢᠨ ᠢ᠋ᠶ᠋ᠡᠨ ᠴᠢᠬᠢᠨ ᠳ᠋ᠦ᠍《 ᠡᠨᠡ ᠰᠢᠷᠠᠯᠵᠢᠨ ᠣᠮᠣᠭᠲᠤ ᠶ᠋ᠢ ᠪᠠᠭᠤᠬᠤᠯᠠᠷ ᠨᠢ ᠪᠢ ᠨᠥᠭᠦᠭᠡ ᠠᠷᠭ᠎ᠠ ᠪᠠᠨ ᠨᠢᠭᠡ ᠬᠡᠷᠡᠭᠯᠡᠪᠡᠯ ᠶᠠᠭᠠᠬᠢᠭᠰᠠᠨ ᠶᠤᠮ ᠪᠣᠢ》 ᠭᠡᠳ ᠳᠠᠬᠢᠨ ᠡᠭ ᠮᠡᠭ ᠦᠭᠡᠢ ᠬᠥᠬᠥᠷᠡᠬᠦ ᠳ᠋ᠦ᠍ ᠪᠠᠭ᠎ᠠ ᠨᠢ᠄
— ᠠ᠋ ᠪᠠᠽᠠᠷᠪᠠᠨᠢ! ᠭᠡᠳ ᠨᠢᠳᠦ ᠪᠡᠨ ᠣᠷᠣᠢ ᠳᠡᠭᠡᠷ᠎ᠡ ᠪᠡᠨ ᠭᠠᠷᠭᠠᠭᠰᠠᠨ ᠢ᠋ᠶ᠋ᠠᠨ᠄
— ᠡᠢᠮᠦ ᠡᠷ᠎ᠡ ᠲᠡᠢᠮᠦ ᠬᠠᠲᠠᠭᠤ《 ᠲᠣᠭᠯᠠᠭᠠᠮ》 ᠢ᠋ ᠶᠠᠭᠠᠬᠢᠵᠤ ᠳᠠᠭᠠᠭᠠᠬᠤ ᠪᠣᠢ ᠭᠡᠯᠡ᠃
ᠡᠨᠡ ᠶᠠᠷᠢᠶ᠎ᠠ ᠶ᠋ᠢ ᠰᠣᠨᠣᠰᠤᠩᠭᠤᠲᠠ ᠪᠢ ᠲᠠᠤᠯᠠᠢ ᠰᠢᠭ᠋ ᠬᠢᠷᠤᠪᠠ᠃ ᠠᠥ᠋ᠲ᠋ᠤᠪᠦᠶ᠋ᠰ ᠲᠦ᠍ ᠢᠰᠡᠭᠡᠢ ᠮᠠᠯᠠᠭᠠᠢ ᠨᠠᠳᠠ ᠰᠢᠭ᠋ ᠳᠡᠷᠮᠡᠢᠯᠭᠡᠭᠰᠡᠨ ᠬᠥᠮᠦᠨ ᠨᠢᠭᠡ ᠴᠦ᠍ ᠠᠯᠠᠭ᠎ᠠ᠃ ᠡᠨᠡ ᠮᠠᠭᠤ ᠲᠠᠷᠢᠮᠡᠭᠠᠷ ᠠ᠋ᠴᠠ ᠯᠠ ᠪᠣᠯᠤᠭᠠᠳ ᠲᠠᠨᠢᠭᠳᠠᠭᠠᠳ ᠪᠠᠢᠨ᠎ᠠ ᠭᠡᠳ ᠪᠢ ᠮᠠᠯᠠᠭᠠᠢ ᠪᠠᠨ ᠠᠪᠴᠤ ᠰᠤᠭᠤᠪᠴᠢᠯᠠᠭᠠᠳ ᠬᠥᠮᠦᠨ ᠦ᠌ ᠠᠷᠤ ᠪᠠᠷ ᠰᠢᠭᠢᠳᠦᠯᠡ᠃ ᠤᠬᠤᠷᠢᠭᠰᠠᠭᠠᠷ ᠨᠥᠭᠦᠭᠡ ᠭᠠᠢ ᠲᠠᠢ ᠡᠷ᠎ᠡ ᠶ᠋ᠢ ᠤᠷᠲᠤ ᠪᠠᠨ ᠬᠢᠪᠡ᠃ ᠬᠠᠷᠢᠨ ᠲᠡᠷᠡ ᠭᠠᠢᠬᠠᠯ ᠤᠷᠲᠤ ᠣᠷᠣᠭᠠᠳ ᠵᠢᠭᠠᠰᠤ ᠰᠢᠭ᠋ ᠲᠠᠭ ᠳᠤᠭᠤᠢ ᠠᠮᠢᠲᠠᠨ ᠪᠣᠯᠬᠤ ᠨᠢ ᠲᠡᠷᠡ᠃ ᠪᠢ ᠶᠠᠭᠤᠲᠠᠢ ᠴᠤ᠌ ᠭᠡᠰᠡᠨ ᠭᠠᠢ ᠶ᠋ᠢᠨ ᠡᠷ᠎ᠡ ᠡᠴᠡ ᠬᠠᠷᠢᠭᠤ ᠪᠠᠨ ᠠᠪᠤᠶ᠎ᠠ ᠭᠡᠳ ᠲᠡᠭᠦᠨ ᠦ᠌ ᠠᠷᠤ ᠠ᠋ᠴᠠ᠄
— ᠲᠠ ᠬᠣᠶᠠᠷ ᠰᠢᠭ᠋ ᠬᠣᠭᠣᠰᠣᠨ ᠳᠦᠷᠢᠮ ᠡᠴᠡ ᠬᠥᠭᠰᠢᠨ ᠪᠢ ᠬᠦᠷᠲᠡᠯ᠎ᠡ ᠠᠶᠤᠬᠤ ᠦᠭᠡᠢ ᠭᠡᠳ ᠬᠠᠰᠬᠢᠷᠴᠤ ᠣᠷᠭᠢᠲᠠᠯ᠎ᠠ ᠰᠣᠭᠲᠣᠭᠤ ᠶ᠋ᠢᠨ ᠲᠣᠮᠣ ᠡᠷᠭᠢᠨ ᠨᠥᠭᠦᠭᠡ ᠭᠠᠢ ᠲᠠᠢ ᠡᠷ᠎ᠡ ᠶ᠋ᠢ ᠵᠠᠭᠠᠮᠠᠳᠠᠭᠠᠳ ᠠᠪᠲᠠᠯ᠎ᠠ ᠮᠠᠨᠢ ᠬᠥᠮᠦᠨ᠄
— ᠪᠢ ᠬᠡᠯᠡᠭᠡ ᠦᠭᠡᠢ᠂ ᠡᠨᠡ ᠠᠷᠤ ᠶ᠋ᠢᠨ ᠬᠥᠮᠦᠨ ᠭᠡᠵᠦ ᠭᠣᠩᠭᠢᠨᠠᠪᠠ᠃
ᠴᠠᠭᠠᠳᠤᠬᠢ ᠨᠢ ᠨᠠᠮ᠎ᠠ ᠶ᠋ᠢ ᠬᠠᠷᠠᠭᠠᠳ ᠰᠢᠳᠦ ᠪᠡᠨ《 ᠭᠠᠯ ᠮᠡᠨᠡᠷᠡᠲᠡᠯᠡ》 ᠬᠠᠪᠢᠷᠤᠯ᠎ᠠ᠃ ᠡᠳᠡᠨ ᠦ᠌ ᠭᠠᠷ ᠠ᠋ᠴᠠ ᠭᠠᠷᠬᠤ ᠦᠭᠡᠢ ᠪᠠᠢᠬᠤ ᠭᠡᠬᠦ ᠡᠴᠡ ᠡᠪᠦᠳᠦᠭ ᠴᠡᠴᠡᠷᠡᠨ᠎ᠡ᠃ ᠳᠣᠭᠣᠭᠰᠢ ᠪᠠᠨ ᠢᠷᠠᠭᠠᠭᠰᠠᠭᠠᠷ ᠬᠥᠮᠦᠨ ᠦ᠌ ᠬᠥᠯ ᠳ᠋ᠦ᠍ ᠨᠤᠬᠤᠴᠠᠭᠳᠠᠬᠤ ᠤᠤ? ᠠᠷᠠᠢ ᠴᠤ᠌ ᠢᠴᠢᠬᠡᠪᠲᠤᠷ! ᠲᠤᠯᠭᠠᠷ ᠮᠠᠨᠢ ᠨᠠᠮ᠎ᠠ ᠶ᠋ᠢ ᠲᠠᠤᠯᠠᠢ ᠰᠢᠭ᠋ ᠠᠶᠤᠮᠠᠬᠠᠢ ᠭᠡᠨ᠎ᠡ ᠪᠠᠢᠬ᠎ᠠ᠃ ᠭᠡᠪᠡᠴᠦ ᠬᠡᠳᠦᠬᠡᠨ ᠬᠣᠷᠣᠮ ᠤ᠋ᠨ ᠳᠠᠷᠠᠭ᠎ᠠ ᠲᠠᠩᠬᠠᠢ ᠡᠷ᠎ᠡ ᠶ᠋ᠢᠨ ᠭᠠᠷ ᠤ᠋ᠨ ᠰᠢᠭᠦᠰᠦ ᠪᠣᠯᠬᠤ ᠨᠢ ᠳᠠᠮᠵᠢᠭ ᠦᠭᠡᠢ᠃ ᠨᠥᠬᠥᠳ ᠮᠢᠨᠢ ᠰᠡᠳᠬᠢᠯ ᠲᠡᠢ ᠪᠦᠰᠡᠭᠦᠢ ᠶ᠋ᠢᠨ ᠢ᠋ᠶ᠋ᠡᠨ ᠡᠮᠦᠨ᠎ᠡ ᠬᠥᠮᠦᠨ ᠦ᠌ ᠡᠪᠦᠳᠦᠭ ᠳᠣᠣᠷ᠎ᠠ ᠲᠩᠷᠢ ᠬᠠᠷᠠᠭᠠᠳ ᠬᠣᠨᠢ ᠰᠢᠭ᠋ ᠲᠡᠯᠴᠢᠯᠡᠬᠦ ᠶᠠᠮᠠᠷ ᠪᠣᠢ? ᠵᠣᠷᠢᠭ ᠢ᠋ᠶ᠋ᠠᠨ ᠴᠢᠩᠭᠠᠯᠠᠬᠤ ᠰᠠᠨᠠᠭ᠎ᠠ ᠲᠠᠢ ᠪᠢ ᠲᠤᠯᠭᠠᠷ ᠲᠦ᠍᠄
— ᠣᠷᠣᠢ ᠦᠳᠡᠰᠢ ᠶᠠᠪᠤᠵᠤ ᠪᠠᠢᠬᠤ ᠳ᠋ᠤ᠌ ᠡᠢᠮᠦᠷᠬᠦᠦ ᠬᠦᠯᠴᠦᠬᠦᠦ ᠶᠠᠭᠤᠮᠠᠨ ᠠᠭᠰᠤᠮ ᠲᠠᠯᠪᠢᠬᠤ ᠶᠤᠮ᠃ ᠵᠢᠭᠤᠲᠠᠴᠢᠬᠠᠶᠠ ᠭᠡᠬᠦᠯᠡᠷ ᠠᠶᠤᠯ᠎ᠠ ᠭᠡᠬᠦ᠂ ᠨᠤᠯᠢᠴᠢᠬᠠᠶᠠ ᠭᠡᠬᠦᠯᠡᠷ ᠵᠣᠳᠣᠯᠠ ᠭᠡᠬᠦ ᠶᠠᠷᠰᠢᠭᠲᠠᠢ ᠶᠤᠮ ᠭᠡᠵᠦ ᠰᠢᠪᠡᠨᠡᠲᠡᠯᠡ᠂ ᠲᠡᠷᠡ᠄
— ᠨᠤᠯᠢᠴᠢᠬᠭᠠᠳ ᠵᠢᠭᠤᠲᠠᠴᠢᠬᠠᠬᠤ ᠦᠭᠡᠢ ᠤᠤ ᠭᠡᠮᠡᠨ ᠶᠣᠵᠣᠲᠠᠢ ᠨᠠᠮᠵᠤᠷᠳᠠᠪᠠ᠃
ᠡᠨᠡ ᠬᠡᠦᠬᠡᠨ ᠨᠤᠭᠦᠳ ᠶᠠᠯᠢᠮ ᠦᠭᠡᠢ ᠵᠡᠷᠯᠢᠭᠳᠡᠭᠦᠬᠡᠨ ᠬᠠᠷᠠᠴᠤᠤᠯ ᠳ᠋ᠤ᠌ ᠪᠢᠲᠡᠭᠦᠬᠡᠨ ᠳ᠋ᠡᠭᠡᠨ ᠳᠤᠷᠠᠲᠠᠢ ᠭᠡᠪᠡ ᠦᠦ ᠭᠡᠰᠡᠨ ᠪᠣᠳᠣᠯ ᠵᠢᠷᠦᠰ ᠬᠢᠯ᠎ᠡ᠃
ᠠᠥ᠋ᠲ᠋ᠪᠦᠢ᠍ᠰ ᠲᠦ᠍ ᠬᠥᠮᠦᠰ ᠰᠢᠩᠭᠡᠷᠡᠵᠦ ᠢᠷᠡᠬᠦ ᠦᠶᠡᠰ ᠲᠦ᠍ ᠬᠣᠶᠠᠷ ᠰᠣᠭᠲᠣᠭᠤ ᠡᠪᠰᠢᠶᠡᠵᠦ ᠰᠤᠨᠢᠶᠠᠵᠤ ᠤᠨᠠᠭᠰᠠᠨ ᠶ᠋ᠢᠠᠨ᠄
— ᠴᠢ ᠪᠠᠭᠤᠬᠤ ᠶᠤᠮ ᠤᠤ ᠪᠠᠭᠤᠭᠠᠴᠢ᠂ ᠨᠤᠶ᠋ᠢᠷ ᠬᠦᠷᠦᠭᠡᠳ ᠪᠠᠶ᠋ᠢᠨ᠎ᠠ ᠭᠡᠵᠦ ᠣᠨᠳᠤᠭᠤᠴᠠᠵᠦ ᠤᠴᠠᠭᠠᠷᠯᠠᠯᠳᠤᠪᠠ᠃ ᠪᠢ ᠲᠡᠳᠡᠨ ᠪ ᠳᠡᠷᠭᠡᠳᠡ ᠲᠥᠬᠦᠵᠤ ᠣᠴᠢᠭᠠᠳ᠄
— ᠪᠠᠭᠤᠬᠤ ᠪᠠᠭᠤᠳᠠᠯ ᠠᠯᠢ ᠡᠷᠲᠡ ᠥᠩᠭᠡᠷᠡᠴᠢᠬᠡᠭᠰᠡᠨ ᠭᠡᠯᠡ᠃
— ᠲᠡᠭᠡᠭᠡᠳ ᠪᠠᠭᠤᠬᠤ ᠦᠭᠡᠢ ᠶᠠᠭᠤ ᠪᠠᠨ ᠬᠢᠭᠰᠡᠨ ᠶᠤᠮ ᠪᠤᠢ ᠬᠠᠮᠤᠭ ᠴᠠᠭ ᠥᠷᠡᠴᠢᠬᠡᠯᠡ᠂ ᠮᠡᠳᠡᠪᠡ ᠤᠤ?
— ᠪᠢ ᠲᠠ ᠬᠣᠶᠠᠷ ᠲᠠᠢ ᠡᠴᠦᠰ ᠪᠠᠭᠤᠳᠠᠯ ᠳ᠋ᠤ᠌ ᠪᠠᠭᠤᠨ᠎ᠠ᠃ ᠬᠣᠲᠠ ᠶ᠋ᠢᠨ ᠵᠠᠬ᠎ᠠ ᠳ᠋ᠤ᠌ ᠴᠠᠭᠳᠠᠭ᠎ᠠ ᠨᠠᠷ ᠬᠣᠯᠠ ᠳᠡᠭᠡᠷ᠎ᠡ ᠪᠢᠰᠢ ᠦᠦ᠂ ᠮᠠᠯ ᠦ᠋ᠳ ᠡ!
ᠮᠢᠨᠦ ᠡᠨᠡ ᠦᠭᠡ ᠶ᠋ᠢ ᠰᠣᠨᠣᠰᠤᠭᠠᠳ ᠲᠡᠷᠡ ᠬᠣᠶᠠᠷ ᠦ᠋ᠨ ᠨᠢᠳᠦ ᠦᠷᠭᠦᠭᠰᠡᠨ ᠲᠣᠷᠤᠮ ᠦ᠋ᠨ ᠬᠢ ᠰᠢᠭ᠋ ᠪᠣᠯᠵᠤ ᠪᠡᠶ᠎ᠡ ᠪᠡᠶ᠎ᠡ ᠶ᠋ᠢ ᠬᠠᠷᠠᠨ ᠲᠣᠯᠣᠭᠠᠢ ᠰᠡᠭᠰᠤᠷᠤᠭᠡᠳ ᠲᠠᠭᠠᠵᠢᠩᠲᠠᠢ ᠢᠰᠬᠡᠷᠪᠡ᠃
— ᠡᠶ᠋ᠢᠮᠦᠷᠬᠦᠦ ᠡᠷᠡᠴᠦᠦᠯ ᠮᠣᠳᠣ ᠴᠢᠯᠠᠭᠤ ᠭᠡᠳᠡᠭ ᠦᠭᠡᠢ ᠰᠠᠨ ᠭᠡᠳ ᠪᠢ ᠲᠤᠨᠵᠢᠭ ᠲᠣᠮᠣ ᠰᠣᠭᠲᠣᠭᠤ ᠶ᠋ᠢᠨ ᠮᠥᠷᠦᠨ ᠳᠡᠭᠡᠷ᠎ᠡ ᠠᠯᠠᠭᠠᠳᠠᠭᠠᠳ᠄
— ᠬᠣᠷᠢᠭ᠎ᠠ ᠲᠠᠢ ᠪᠠᠷᠢᠯᠳᠤᠭᠠᠨ ᠪ ᠠᠯᠢ ᠨᠢ ᠴᠦ᠍ ᠠᠬ᠎ᠠ ᠳ᠋ᠤᠨᠢ ᠲᠤᠨᠵᠢᠭ ᠨᠢᠭᠡ! ᠭᠡᠪᠡᠴᠦ ᠬᠡᠦᠬᠡᠳ ᠦ᠋ᠳ ᠦᠪᠷᠰᠡᠳ ᠶ᠋ᠢᠡᠨ ᠯᠠ ᠮᠡᠳᠡᠲᠦᠭᠡᠢ᠃ ᠨᠠᠳᠠ ᠳ᠋ᠤ᠌《 ᠲᠣᠭᠯᠠᠭᠠᠮ ᠦ᠋ᠨ》 ᠬᠠᠲᠠᠭᠤᠬᠠᠨ ᠯᠠ ᠬᠤᠵᠢᠷ᠃ ᠬᠠᠷᠢᠨ ᠴᠢᠮ᠎ᠠ ᠳ᠋ᠤ᠌ ᠭᠡᠵᠦ ᠬᠡᠯᠡᠬᠦ ᠳ᠋ᠤ᠌ ᠭᠡᠳ ᠪᠢ ᠪᠠᠭ᠎ᠠ ᠰᠣᠭᠲᠣᠭᠤ ᠶ᠋ᠢᠨ ᠴᠢᠬᠢ ᠶ᠋ᠢ ᠮᠤᠰᠬᠢᠭᠠᠳ᠂
— ᠶᠠᠰᠤ ᠭᠡᠮᠲᠦᠬᠦ ᠠᠮᠠᠷ ᠦᠭᠡᠢ ᠰᠢᠦ᠂ ᠲᠡᠭᠦᠨ ᠪ ᠣᠷᠣᠨ ᠳ᠋ᠤ᠌ ᠦᠶ᠎ᠡ ᠮᠥᠴᠢ ᠪᠡᠨ ᠪᠣᠯᠭᠤᠯᠠᠬᠤ ᠬᠠᠪᠢ ᠦᠭᠡᠢ ᠳᠡᠭᠡᠷ᠎ᠡ᠃ ᠪᠢ ᠰᠠᠶᠢᠬᠠᠨ ᠨᠢᠭᠡ ᠡᠷ᠎ᠡ ᠶ᠋ᠢᠨ ᠠᠮᠠᠨ ᠬᠦᠵᠦᠭᠦᠦ ᠶ᠋ᠢ ᠠᠷᠤ ᠳᠡᠭᠡᠷ᠎ᠡ ᠨᠢ ᠭᠠᠷᠭᠠᠭᠠᠳ ᠬᠣᠶᠠᠷ ᠬᠥᠯ ᠊ᠢ ᠨᠢ ᠰᠢᠯᠢᠨ ᠬᠦᠵᠦᠭᠦᠦ ᠳᠡᠭᠡᠷ᠎ᠡ ᠨᠢ ᠲᠣᠬᠣᠵᠤ ᠣᠷᠭᠢᠭᠠᠳ ᠭᠤᠳᠤᠮᠵᠢᠨ ᠳ᠋ᠤ᠌ ᠬᠠᠶᠠᠴᠢᠬᠠᠭᠰᠠᠨ ᠶᠤᠮ᠃ ᠭᠡᠲᠡᠯ᠎ᠡ ᠬᠣᠶᠠᠷ ᠬᠣᠨᠣᠭ ᠦ᠋ᠨ ᠳᠠᠷᠠᠭ᠎ᠠ《 ᠲᠤᠤᠯᠠ》 ᠷᠸᠰᠲ᠋ᠤᠷᠠᠨ( ᠬᠣᠭᠣᠯᠠ ᠭᠡᠷ) ᠳ᠋ᠤ᠌ ᠫᠢᠸᠦ᠌ ᠤᠤᠭᠣᠭᠠᠳ ᠵᠥᠪ ᠵᠦᠭᠡᠷ ᠰᠠᠭᠤᠵᠤ ᠪᠠᠶ᠋ᠢᠨ᠎ᠠ ᠯᠡᠢ ᠭᠡᠪᠡᠯ ᠬᠣᠶᠠᠷ ᠰᠢᠳᠦ ᠪᠡᠨ ᠠᠪᠬᠠᠭᠤᠯᠬᠣ ᠭᠡᠵᠦ ᠰᠠᠭᠤᠭ᠎ᠠ ᠬᠥᠮᠦᠨ ᠡᠮᠴᠢ ᠶ᠋ᠢᠨ ᠪᠠᠷᠢᠭᠰᠠᠨ ᠪᠡᠬᠢ ᠡᠴᠡ ᠳᠠᠯᠳᠢᠷᠠᠬᠤ ᠮᠡᠲᠦ ᠮᠢᠨᠦ ᠪᠦᠬᠦ ᠬᠥᠳᠡᠯᠭᠡᠭᠡᠨ ᠡᠴᠡ ᠳᠠᠯᠳᠢᠴᠢᠵᠤ ᠡᠬᠢᠯᠡᠯ᠎ᠡ᠃
ᠭᠡᠲᠡᠯ᠎ᠡ ᠪᠠᠭ᠎ᠠ ᠨᠢ ᠲᠦᠷᠦᠭᠦᠴᠢ ᠶ᠋ᠢᠨ ᠭᠠᠢ ᠲᠠᠢ ᠡᠷ᠎ᠡ ᠡᠴᠡ ᠠᠥ᠋ᠲ᠋ᠪᠤᠢ᠍ᠰ ᠶᠠᠮᠠᠷ ᠪᠠᠭᠤᠳᠠᠯ ᠳᠡᠭᠡᠷ᠎ᠡ ᠢᠷᠡᠵᠦ ᠪᠤᠢ ᠶ᠋ᠢ ᠰᠤᠷᠬᠠᠯᠠᠵᠤ ᠪᠠᠶ᠋ᠢᠨ᠎ᠠ᠃
— ᠣᠳᠣ ᠪᠢᠳᠡᠨ ᠪ ᠪᠠᠭᠤᠬᠤ ᠡᠴᠦᠰ ᠦ᠋ᠨ ᠪᠠᠭᠤᠳᠠᠯ ᠭᠡᠵᠦ ᠨᠠᠮ᠎ᠠ ᠶ᠋ᠢ ᠬᠠᠵᠠᠭᠤᠨ ᠠ᠋ᠴᠠ ᠨᠢ ᠵᠠᠩᠳᠤᠷᠲᠠᠯᠠ ᠲᠡᠷᠡ᠄
— ᠵᠣᠭᠰᠣᠭ᠎ᠠ᠂ ᠵᠣᠭᠰᠣᠭᠠᠷᠠᠢ᠂ ᠪᠠᠭᠤᠶ᠎ᠠ! ᠭᠡᠵᠦ ᠪᠠᠷᠬᠢᠷᠠᠯ᠎ᠠ᠃
— ᠵᠣᠭᠰᠣᠭᠠᠯ ᠳᠡᠭᠡᠷ᠎ᠡ ᠵᠣᠭᠰᠣᠨ᠎ᠠ ᠭᠦ᠋ ᠭᠡᠵᠦ ᠵᠢᠯᠣᠭᠣᠴᠢ ᠶ᠋ᠢ ᠮᠡᠳᠡᠭᠳᠡᠬᠦ ᠳ᠋ᠤ᠌᠂
— ᠵᠣᠭᠰᠣᠭᠠᠳ ᠥᠭᠭᠦᠭᠡᠴᠢ ᠳ᠋ᠠ ᠭᠡᠵᠦ ᠤᠬᠢᠯᠠᠩᠨᠠᠪᠠ᠃
— ᠠᠶᠤᠭ᠎ᠠ ᠤᠤ ᠴᠢ᠂ ᠬᠤᠯᠴᠢᠭᠠᠷ ᠨᠤᠪᠰᠢ ᠭᠡᠵᠦ ᠲᠣᠮᠣ ᠨᠢ ᠲᠡᠭᠦᠨ ᠳ᠋ᠤ᠌ ᠳᠡᠭᠡᠷᠡᠯᠬᠡᠯᠡ᠃ ᠪᠠᠭ᠎ᠠ ᠰᠣᠭᠲᠣᠭᠤ ᠶ᠋ᠢ ᠳᠥᠷᠪᠡᠨ ᠵᠦᠭ ᠦᠭᠡᠢ ᠣᠷᠢᠯᠠᠨ ᠬᠠᠭᠠᠯᠭ᠎ᠠ ᠨᠦᠳᠦᠬᠦ ᠳ᠋ᠤ᠌ ᠠᠥ᠋ᠲ᠋ᠤᠪᠤᠢ᠍ᠰ ᠠᠷᠭ᠎ᠠ ᠪᠤᠰᠤ ᠵᠣᠭᠰᠣᠪᠠ᠃
— ᠴᠢ ᠪᠠᠰᠠ ᠤᠯᠤᠰ ᠦ᠋ᠨ ᠬᠥᠯᠥᠰᠥᠨ ᠳ᠋ᠤ᠌ ᠮᠥᠩᠭᠥ ᠲᠦᠯᠤᠬᠦ ᠦᠭᠡᠢ ᠵᠢᠭᠤᠳᠠᠬᠤ ᠨᠢ ᠤᠤ? ᠭᠡᠳ ᠨᠠᠮ᠎ᠠ ᠶ᠋ᠢ ᠤᠬᠤᠰᠬᠢᠲᠡᠯ᠎ᠡ ᠲᠡᠷᠡ ᠡᠪᠦᠷ ᠡᠴᠡ ᠨᠢᠭᠡ ᠲᠥᠭᠥᠷᠢᠭ ᠠᠪᠴᠤ ᠴᠢᠯᠠᠭᠤᠳᠠᠭᠠᠳ ᠬᠠᠭᠠᠯᠭ᠎ᠠ ᠣᠩᠭᠤᠶ᠋ᠢᠬᠤ ᠠ᠋ᠴᠠ ᠡᠮᠦᠨ᠎ᠡ ᠵᠠᠪᠰᠠᠷ ᠶ᠋ᠢᠠᠷ ᠨᠢ ᠴᠢᠬᠢᠭᠰᠡᠭᠡᠷ ᠭᠠᠳᠠᠭ᠎ᠠ ᠭᠠᠷᠴᠤ ᠤᠶ᠋ᠢᠴᠢᠯᠠ᠃
— ᠴᠠᠭᠠᠳᠤ ᠮᠠᠭᠤ ᠴᠢᠨᠢ ᠶᠠᠪᠤᠭ᠂ ᠶᠠᠪᠤᠭ! ᠬᠣᠶᠠᠭᠤᠯᠠ ᠯᠠ ᠭᠠᠵᠠᠷ ᠲᠩᠷᠢ ᠶ᠋ᠢᠨ ᠠᠭᠤᠵᠢᠮ ᠳ᠋ᠤ᠌ ᠭᠠᠭᠴᠠ ᠦᠵᠡᠯᠴᠡᠵᠦ ᠬᠠᠶᠠᠶ᠎ᠠ ᠭᠡᠳ ᠪᠢ ᠲᠣᠮᠣ ᠰᠣᠭᠲᠣᠭᠤ ᠶ᠋ᠢᠨ ᠭᠠᠷ ᠠ᠋ᠴᠠ ᠰᠢᠭᠦᠷᠦᠨ ᠠᠪᠲᠠᠯ᠎ᠠ ᠲᠡᠷᠡ ᠮᠠᠭᠤᠬᠠᠢ ᠣᠷᠢᠯᠠᠨ ᠬᠠᠭᠠᠯᠭ᠎ᠠ ᠴᠦᠮᠦ ᠳᠠᠭᠠᠷᠢᠵᠤ ᠭᠠᠷᠤᠭᠠᠳ ᠲᠠᠯᠢᠢᠵᠤ ᠥᠭᠪᠡ ᠭᠦ᠋ ᠴᠢ ᠮᠢᠨᠢ᠃
ᠵᠤᠷᠴᠢᠭᠴᠢᠳ ᠠᠯᠠᠭ᠎ᠠ ᠨᠢᠵᠢᠭᠢᠨᠡᠭᠦᠯᠦᠨ ᠳᠠᠰᠢᠪᠠ᠃ ᠲᠤᠯᠭᠠᠷ ᠤᠯᠠᠨ ᠪ ᠡᠮᠦᠨ᠎ᠡ ᠨᠠᠮ᠎ᠠ ᠶ᠋ᠢ ᠠᠩᠬ᠎ᠠ ᠤᠳᠠᠭ᠎ᠠ ᠬᠦᠵᠦᠭᠦᠳᠡᠨ ᠠᠪᠤᠭᠠᠳ ᠁ ᠦᠭᠡᠷ᠎ᠡ ᠪᠡᠷ ᠬᠡᠯᠡᠪᠡᠯ ᠲᠤᠯᠭᠠᠷ ᠨᠠᠭᠠᠰᠢᠲᠠᠢ ᠪᠣᠯᠤᠯ᠎ᠠ᠃
– – – –
① ᠠᠥ᠋ᠲ᠋ᠤᠪᠥᠶ᠋ᠰ ᠦ᠋ᠨ ᠫᠢᠶᠣᠣ ᠰᠢᠯᠭᠠᠭᠴᠢ᠃
② ᠪᠤᠷᠬᠠᠨ ᠱᠠᠰᠢᠨ ᠤ᠋ ᠠᠷᠢᠭᠤᠨ ᠲᠠᠪᠤᠨ ᠣᠷᠣᠨ ᠤ᠋ ᠨᠢᠭᠡ᠃
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠪᠠᠭᠠᠲᠤᠷ
ᠬᠢᠨᠠᠭ᠍ᠴᠢ : ᠲᠤᠭ᠍ᠴᠢ ᠰᠠᠷᠠᠨ᠎ᠠ
2023᠂ 10᠂ 18 ᠤ ᠡᠳᠦᠷ
