ᠬᠤᠢ ᠬᠢᠲᠤᠭ᠎ᠠ--ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ1-01ᠤ᠋· ᠰ· ᠬᠥᠭᠵᠢᠯᠲᠦ ᠡᠳ᠋ᠯᠡᠯ ᠬᠡᠷᠡᠭᠰᠡᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠢ ᠬᠢᠲᠤᠭ᠎ᠠ--ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ1-01ᠤ᠋· ᠰ· ᠬᠥᠭᠵᠢᠯᠲᠦ

ᠬᠤᠢ ᠬᠢᠲᠤᠭ᠎ᠠ--ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ1-01ᠤ᠋· ᠰ· ᠬᠥᠭᠵᠢᠯᠲᠦ

2023-10-27

567

ᠬᠤᠢ ᠬᠢᠲᠤᠭ᠎ᠠ

   ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ 
    ᠤ᠋· ᠰ· ᠬᠥᠭᠵᠢᠯᠲᠦ ᠵᠣᠷᠢᠭᠲᠤ ᠵᠣᠬᠢᠶᠠᠪᠠ 
ᠨᠢᠭᠡᠳᠦᠭᠡᠷ ᠪᠦᠯᠦᠭ ᠤᠯᠠᠮᠵᠢᠯᠠᠯᠲᠤ ᠦᠢᠯᠡᠳᠪᠦᠷᠢᠯᠡᠯ ᠠᠮᠢᠳᠤᠷᠠᠯ ᠤ᠋ᠨ ᠡᠳ᠋ᠯᠡᠯ ᠬᠡᠷᠡᠭᠰᠡᠯ 

    ᠬᠡᠷᠡᠭᠴᠡᠭᠡ ᠪᠣᠯ ᠬᠠᠮᠤᠭ ᠤ᠋ᠨ ᠰᠠᠢᠨ ᠪᠠᠭᠰᠢ ᠮᠥᠨ᠂ ᠮᠣᠩᠭᠣᠯᠴᠤᠳ ᠤ᠋ᠨ ᠦᠢᠯᠡᠳᠪᠦᠷᠢᠯᠡᠯ ᠠᠮᠢᠳᠤᠷᠠᠯ ᠤ᠋ᠨ ᠬᠡᠷᠡᠭᠯᠡᠭᠡᠨ ᠦ᠌ ᠪᠣᠳᠠᠰ ᠨᠢ ᠬᠡᠷᠡᠭᠯᠡᠬᠦ ᠴᠢᠬᠤᠯᠠᠲᠠᠢ ᠪᠣᠯ ᠶᠠᠭᠤ ᠶ᠋ᠢ ᠶᠠᠭᠠᠬᠢᠵᠤ ᠬᠢᠬᠦ ᠪᠡᠨ ᠪᠣᠳᠣᠵᠤ ᠰᠡᠳᠬᠢᠵᠦ ᠣᠯᠳᠠᠭ ᠮᠥᠷᠲᠡᠭᠡᠨ ᠪᠣᠳᠣᠵᠤ ᠣᠯᠪᠠᠯ ᠦᠢᠯᠡᠳᠴᠦ ᠳᠡᠢᠯᠳᠡᠭ ᠲᠤᠯᠠ ᠵᠦᠢᠯ ᠪᠦᠷᠢ ᠶ᠋ᠢᠨ ᠴᠢᠳᠠᠮᠵᠢ ᠲᠠᠢ ᠡᠳ᠋ ᠦᠯᠦᠭ ᠮᠠᠯᠵᠢᠬᠤ ᠣᠷᠣᠨ ᠤ᠋ ᠭᠠᠵᠠᠷ ᠪᠣᠯᠭᠠᠨ ᠬᠠᠷᠠᠭᠳᠠᠵᠤ᠂ ᠬᠥᠮᠦᠰ ᠦ᠋ᠨ ᠬᠡᠷᠡᠭᠴᠡᠭᠡ ᠶ᠋ᠢ ᠬᠠᠩᠭᠠᠵᠤ ᠪᠠᠢᠳᠠᠭ᠃ ᠡᠳᠡᠭᠡᠷ ᠵᠦᠢᠯᠡᠰ ᠨᠢ ᠦᠵᠡᠬᠦ ᠳ᠋ᠦ᠍ ᠬᠢᠴᠡ ᠬᠡᠯᠪᠡᠷᠢ ᠨᠢ ᠪᠤᠳᠤᠯᠢᠶᠠᠨᠲᠠᠢ ᠪᠢᠰᠢ ᠪᠣᠯᠪᠠᠴᠤ ᠪᠤᠰᠤᠳ ᠦᠨᠳᠦᠰᠦᠲᠡᠨ ᠦ᠌ ᠬᠥᠮᠦᠨ ᠬᠡᠷᠡᠭᠯᠡᠵᠦ ᠴᠢᠳᠠᠬᠤ ᠦᠭᠡᠢ ᠪᠠᠢᠳᠠᠭ᠃ ᠨᠢᠭᠡᠨ ᠨᠢᠮᠭᠡᠨ ᠮᠣᠳᠣᠨ ᠢᠯᠲᠠᠰᠤ ᠪᠠᠷ ᠪᠢᠷᠠᠭᠤᠨ ᠪᠤᠷᠬ᠎ᠠ ᠬᠢᠵᠦ ᠡᠬᠡ ᠪᠡᠨ ᠬᠥᠬᠥᠬᠦ ᠶ᠋ᠢ ᠬᠣᠷᠢᠭᠯᠠᠵᠤ᠂ ᠠᠷᠠᠴᠢᠯᠠᠵᠤ ᠬᠠᠷᠢᠭᠤᠯᠬᠤ ᠴᠢᠬᠤᠯᠠ ᠦᠭᠡᠢ ᠪᠣᠯᠭᠠᠳᠠᠭ ᠪᠥᠭᠡᠳ《ᠡᠬᠡ ᠨᠢ ᠡᠴᠡᠬᠦ ᠦᠭᠡᠢ᠂ ᠲᠤᠭᠤᠯ ᠨᠢ ᠲᠤᠷᠠᠬᠤ ᠦᠭᠡᠢ》 ᠨᠡᠭᠦᠳᠡᠯ ᠰᠣᠶᠣᠯ ᠤ᠋ᠨ ᠮᠡᠷᠭᠡᠨ ᠤᠬᠠᠭᠠᠨ ᠲᠠᠢ ᠪᠠᠢᠳᠠᠭ᠃《ᠲᠡᠪᠡᠨᠡᠨ ᠴᠢᠨᠡᠭᠡ ᠨᠦᠬᠡ ᠪᠡᠷ ᠲᠣᠭᠣᠨᠣ ᠶ᠋ᠢᠨ ᠴᠢᠨᠡᠭᠡ ᠭᠡᠭᠡ ᠶ᠋ᠢ ᠣᠯᠵᠤ ᠬᠠᠷᠠᠨ᠎ᠠ》 ᠭᠡᠳᠡᠭ ᠢ᠋ᠶ᠋ᠡᠷ ᠡᠳᠡᠭᠡᠷ ᠡᠴᠡ ᠦᠵᠡᠬᠦ ᠳ᠋ᠦ᠍ ᠮᠣᠩᠭᠣᠯᠴᠤᠳ ᠤ᠋ᠨ ᠡᠳᠡᠭᠡᠷ ᠬᠡᠷᠡᠭᠰᠡᠯ ᠨᠢ ᠣᠷᠴᠢᠨ ᠳ᠋ᠤ᠌ ᠨᠥᠬᠥᠷᠰᠡᠭ᠂ ᠬᠡᠷᠡᠭᠴᠡᠭᠡ ᠥᠷᠭᠡᠨ᠂ ᠬᠠᠪᠤᠯᠢᠭ ᠪᠣᠷᠣᠭᠵᠢᠭᠤᠨ᠂ ᠬᠥᠮᠦᠨ ᠦ᠌ ᠬᠦᠴᠦᠨ ᠳ᠋ᠦ᠍ ᠠᠷᠪᠢᠲᠠᠢ᠂ ᠤᠷᠠᠯᠠᠵᠤ ᠬᠢᠬᠦ ᠳ᠋ᠦ᠍ ᠳᠥᠭᠥᠮ ᠵᠡᠷᠭᠡ᠂ ᠨᠡᠢᠲᠡᠯᠢᠭ ᠣᠨᠴᠠᠯᠢᠭ ᠲᠠᠢ ᠪᠠᠢᠵᠤ᠂ ᠨᠡᠭᠦᠳᠡᠯ ᠮᠠᠯᠵᠢᠯ ᠤ᠋ᠨ ᠣᠶᠤᠨ ᠤᠬᠠᠭᠠᠨ ᠢ᠋ ᠬᠠᠷᠠᠮ ᠦᠭᠡᠢ ᠭᠠᠢᠬᠠᠭᠤᠯᠵᠤ ᠪᠠᠢᠳᠠᠭ ᠲᠤᠯᠠ ᠶᠣᠰᠣᠨ ᠳ᠋ᠤ᠌ ᠪᠠᠨ ᠪᠢᠳᠡᠨ ᠦ᠌ ᠨᠡᠭᠦᠳᠡᠯ ᠮᠠᠯᠵᠢᠯ ᠤ᠋ᠨ ᠰᠣᠶᠣᠯ ᠪᠣᠯᠪᠠᠰᠤᠨ ᠢ᠋ ᠰᠤᠳᠤᠯᠬᠤ ᠭᠠᠷᠲᠠᠬᠤ ᠴᠠᠭ ᠶᠤᠮ᠃

ᠬᠤᠢ ᠬᠢᠲᠤᠭ᠎ᠠ

    ᠮᠣᠩᠭᠣᠯᠴᠤᠳ ᠮᠥᠩᠭᠥᠨ ᠵᠠᠰᠠᠯ᠂ ᠮᠣᠳᠣᠨ ᠬᠤᠢ᠂ ᠡᠪᠡᠷ ᠪᠠᠷᠢᠭᠤᠯ ᠲᠠᠢ ᠬᠢᠲᠤᠭ᠎ᠠ ᠪᠠᠨ ᠬᠤᠢ ᠬᠢᠲᠤᠭ᠎ᠠ ᠭᠡᠳᠡᠭ᠃ ᠶᠠᠭᠤᠨ ᠤ᠋ ᠡᠮᠦᠨ᠎ᠡ ᠬᠤᠢ ᠬᠢᠲᠤᠭ᠎ᠠ ᠨᠢ ᠬᠡᠭᠡᠨᠴᠢᠷ ᠡᠳ᠋ ᠶᠦᠮ᠃ ᠣᠭ᠌ᠶᠤ ᠱ᠌ᠢᠷᠦ ᠰᠢᠭᠢᠳᠬᠡ᠂ ᠮᠥᠩᠭᠥᠨ ᠵᠠᠰᠠᠯ ᠲᠠᠢ ᠬᠢᠲᠤᠭ᠎ᠠ ᠪᠣᠯ ᠮᠣᠩᠭᠣᠯ ᠡᠷᠡᠭᠲᠡᠢᠴᠦᠳ ᠦ᠋ᠨ ᠡᠷᠡᠯᠬᠡᠭ ᠪᠠᠭᠠᠲᠤᠷ ᠰᠦᠷᠳᠡᠰᠢ ᠦᠭᠡᠢ ᠶ᠋ᠢᠨ ᠪᠡᠯᠭᠡᠳᠡᠯ ᠪᠥᠭᠡᠳ ᠮᠥᠨ ᠴᠤ᠌ ᠪᠠᠶᠠᠨ ᠡᠷᠬᠢᠮᠰᠦᠭ ᠢ᠋ᠶ᠋ᠡᠨ ᠭᠠᠢᠬᠠᠭᠤᠯᠬᠤ ᠭᠣᠶᠣᠯᠠᠯ ᠵᠠᠰᠠᠯ ᠪᠤᠶᠤ ᠬᠡᠭᠡᠨᠴᠢᠷ ᠡᠳ᠋ ᠶᠦᠮ᠃ ᠳᠠᠷᠠᠭ᠎ᠠ ᠨᠢ ᠮᠣᠩᠭᠣᠯ ᠬᠢᠲᠤᠭ᠎ᠠ ᠪᠣᠯ ᠥᠮᠴᠢ ᠬᠥᠷᠥᠩᠭᠡ ᠮᠥᠨ᠃ ᠨᠡᠭᠦᠳᠡᠯᠯᠡᠨ ᠮᠠᠯᠵᠢᠳᠠᠭ ᠮᠣᠩᠭᠣᠯᠴᠤᠳ ᠡᠳᠦᠷ ᠳᠣᠳᠣᠮ ᠤ᠋ᠨ ᠠᠵᠤ ᠠᠮᠢᠳᠤᠷᠠᠯ ᠳ᠋ᠤ᠌ ᠪᠠᠨ ᠬᠡᠭᠡᠨᠴᠢᠷ ᠭᠣᠶᠣ᠂ ᠦᠨ᠎ᠡ ᠪᠡᠨ᠎ᠡ ᠲᠡᠢ ᠪᠣᠯᠪᠠᠴᠤ ᠬᠦᠨᠳᠦ ᠪᠦᠳᠦᠭᠦᠨ᠂ ᠪᠠᠭᠤᠵᠤ ᠨᠡᠭᠦᠬᠦ ᠳ᠋ᠦ᠍ ᠳᠥᠭᠥᠮ ᠦᠭᠡᠢ ᠡᠳ᠋ ᠬᠣᠭᠰᠢᠯ ᠢ᠋ ᠪᠠᠬᠠᠷᠬᠠᠬᠤ ᠦᠭᠡᠢ᠂ ᠬᠠᠷᠢᠨ ᠠᠪᠴᠤ ᠶᠠᠪᠤᠬᠤ ᠳ᠋ᠤ᠌ ᠳᠥᠭᠥᠮ᠂ ᠦᠨ᠎ᠡ ᠪᠡᠨ᠎ᠡ ᠲᠡᠢ ᠭᠠᠷ ᠦᠵᠦᠭᠦᠷ ᠦ᠋ᠨ ᠬᠡᠷᠡᠭᠯᠡᠭᠡᠨ ᠦ᠌ ᠶᠠᠭᠤᠮ᠎ᠠ᠂ ᠵᠠᠰᠠᠯ ᠤ᠋ᠨ ᠡᠳ᠋ ᠢ᠋ ᠬᠥᠷᠥᠩᠭᠡ ᠬᠣᠭᠰᠢᠯ ᠪᠣᠯᠭᠠᠨ ᠬᠢᠮᠠᠭᠠᠳᠠᠳᠠᠭ᠃ ᠵᠢᠱ᠌ᠢᠶᠡᠯᠡᠪᠡᠯ᠂ ᠱ᠌ᠢᠷᠦ ᠰᠤᠪᠤᠳ ᠰᠢᠭᠢᠳᠬᠡᠭᠰᠡᠨ ᠮᠥᠩᠭᠥᠨ ᠵᠠᠰᠠᠯ ᠲᠠᠢ ᠬᠢᠲᠤᠭ᠎ᠠ ᠪᠣᠯ ᠬᠡᠳᠦᠨ ᠮᠣᠷᠢᠨ ᠤ᠋ ᠦᠨ᠎ᠡ ᠲᠡᠢ ᠪᠠᠢᠳᠠᠭ ᠪᠥᠭᠡᠳ ᠬᠡᠷᠡᠭᠴᠡᠭᠡ ᠲᠡᠢ ᠴᠠᠭ ᠲᠤ ᠰᠣᠯᠢᠵᠤ ᠮᠠᠢᠮᠠᠢᠯᠠᠵᠤ᠂ ᠥᠪᠯᠡᠵᠦ ᠵᠠᠯᠭᠠᠮᠵᠢᠯᠠᠵᠤ ᠪᠣᠯᠳᠠᠭ᠃ ᠡᠢᠮᠦ ᠡᠴᠡ ᠠᠵᠤ ᠠᠬᠤᠢ ᠶ᠋ᠢᠨ ᠤᠬᠠᠭᠠᠨ ᠤ᠋ ᠲᠠᠯ᠎ᠠ ᠠ᠋ᠴᠠ ᠦᠵᠡᠪᠡᠯ ᠡᠳᠡᠭᠡᠷ ᠶᠠᠭᠤᠮ᠎ᠠ ᠨᠢ ᠲᠤᠬᠠᠢ ᠶ᠋ᠢᠨ ᠨᠥᠬᠥᠴᠡᠯ ᠳᠣᠣᠷ᠎ᠠ ᠥᠪ ᠬᠥᠷᠥᠩᠭᠡ ᠶ᠋ᠢᠨ ᠣᠨᠴᠠᠯᠢᠭ ᠢ᠋ ᠪᠦᠷᠢᠳᠦᠭᠦᠯᠦᠭᠰᠡᠨ ᠶᠦᠮ᠃ ᠭᠤᠷᠪᠠ ᠳ᠋ᠤ᠌᠂ ᠬᠤᠢ ᠬᠢᠲᠤᠭ᠎ᠠ ᠪᠣᠯ ᠤᠶᠠᠨ ᠴᠢᠨᠠᠷ ᠪᠠ ᠬᠠᠳᠠᠨ ᠴᠢᠨᠠᠷ ᠤ᠋ᠨ ᠣᠷᠭᠠᠨᠢᠭ ᠨᠢᠭᠡᠳᠦᠯ ᠮᠥᠨ᠃ ᠤᠷᠲᠤ ᠨᠠᠷᠢᠨ ᠬᠢᠲᠤᠭ᠎ᠠ ᠪᠠᠨ ᠬᠤᠷᠴᠠ ᠪᠥᠭᠡᠳ ᠪᠥᠬᠡ ᠪᠣᠯᠭᠠᠬᠤ ᠶ᠋ᠢᠨ ᠲᠥᠯᠥᠭᠡ ᠮᠣᠩᠭᠣᠯ ᠳᠠᠷᠬᠠᠳ ᠬᠢᠲᠤᠭᠠᠨ ᠮᠥᠷᠢ ᠪᠡᠨ ᠤᠶᠠᠨ ᠴᠢᠨᠠᠷ ᠲᠠᠢ ᠰᠠᠢᠨ ᠲᠡᠮᠦᠷ ᠢ᠋ᠶ᠋ᠡᠷ ᠬᠢᠵᠦ᠂ ᠢᠷ ᠲᠠᠯ᠎ᠠ ᠳ᠋ᠤ᠌ ᠨᠢ ᠬᠠᠳᠠᠨ ᠴᠢᠨᠠᠷ ᠲᠠᠢ ᠠᠭᠰᠢᠭᠤᠯᠤᠭᠰᠠᠨ ᠭᠠᠩ ᠢ᠋ᠶ᠋ᠠᠨ ᠬᠠᠪᠴᠢᠭᠤᠯᠵᠤ ᠳᠠᠪᠲᠠᠭᠰᠠᠨ ᠲᠤᠯᠠ ᠬᠤᠢ ᠬᠢᠲᠤᠭ᠎ᠠ ᠪᠣᠯ ᠬᠤᠷᠴᠠ ᠬᠠᠳᠠᠨ ᠴᠢᠨᠠᠷ ᠪᠠ ᠠᠮᠠᠷᠬᠠᠨ ᠬᠤᠭᠤᠷᠠᠳᠠᠭ ᠦᠭᠡᠢ ᠤᠶᠠᠨ ᠴᠢᠨᠠᠷ ᠤ᠋ᠨ ᠨᠢᠭᠡᠳᠦᠯ ᠪᠥᠭᠡᠳ ᠢᠷᠲᠦ ᠮᠡᠰᠡ ᠬᠢᠬᠦ ᠲᠡᠮᠦᠷ ᠦ᠋ᠨ ᠳᠠᠷᠬᠠᠨ ᠤ᠋ ᠬᠠᠮᠤᠭ ᠳᠡᠭᠡᠳᠦ ᠤᠷ᠎ᠠ ᠮᠡᠷᠭᠡᠵᠢᠯ ᠢ᠋ ᠭᠠᠢᠬᠠᠭᠤᠯᠤᠭᠰᠠᠨ ᠡᠳ᠋ ᠶᠦᠮ᠃ ᠳᠥᠷᠪᠡ ᠳ᠋ᠦ᠍ ᠬᠤᠢ ᠬᠢᠲᠤᠭ᠎ᠠ ᠳ᠋ᠠᠬᠢ ᠪᠣᠯᠪᠠᠰᠤᠨ ᠰᠣᠶᠣᠯ᠃ ᠬᠤᠢ ᠳ᠋ᠤ᠌ ᠨᠢ ᠬᠢᠲᠤᠭ᠎ᠠ ᠠ᠋ᠴᠠ ᠪᠤᠰᠤᠳ ᠪᠠᠰᠠ ᠶᠠᠰᠤᠨ ᠰᠠᠪᠬ᠎ᠠ᠂ ᠰᠢᠳᠦᠨ ᠦ᠌ ᠴᠢᠭᠴᠢᠯᠡᠭᠦᠷ ᠬᠠᠪᠴᠢᠭᠤᠯᠵᠤ ᠪᠣᠯᠳᠠᠭ ᠲᠤᠯᠠ ᠨᠢᠭᠡ ᠶᠣᠰᠣᠨ ᠳ᠋ᠤ᠌ ᠪᠠᠨ ᠬᠤᠢ ᠬᠢᠲᠤᠭ᠎ᠠ ᠪᠣᠯ ᠬᠡᠭᠡᠨᠴᠢᠷ ᠪᠥᠭᠡᠳ ᠠᠷᠢᠭᠤᠨ ᠴᠡᠪᠡᠷ᠂ ᠪᠡᠶ᠎ᠡ ᠳ᠋ᠦ᠍ ᠪᠡᠨ ᠦᠷᠭᠦᠯᠵᠢ ᠠᠪᠴᠤ ᠶᠠᠪᠤᠵᠤ ᠪᠣᠯᠳᠠᠭ ᠪᠣᠯᠪᠠᠰᠤᠨ ᠰᠠᠢᠬᠠᠨ ᠬᠣᠭᠣᠯᠠᠨ ᠤ᠋ ᠪᠠᠭᠠᠵᠢ ᠪᠢᠯᠡ᠃ ᠮᠣᠩᠭᠣᠯ ᠬᠥᠮᠦᠨ ᠬᠢᠲᠤᠭ᠎ᠠ ᠵᠠᠷᠤᠬᠤ ᠳ᠋ᠤ᠌ ᠪᠠᠨ ᠢᠷ ᠢ᠋ ᠨᠢ ᠳᠣᠲᠣᠭᠰᠢ ᠬᠠᠷᠠᠭᠤᠯᠤᠨ ᠣᠭᠲᠣᠯᠵᠤ᠂ ᠪᠠᠷᠢᠵᠤ ᠲᠠᠯᠪᠢᠬᠤ ᠳ᠋ᠤ᠌ ᠪᠠᠨ ᠢᠷ ᠢ᠋ ᠨᠢ ᠳᠣᠷᠣᠭᠰᠢ ᠬᠠᠷᠠᠭᠤᠯᠵᠤ᠂ ᠬᠥᠮᠦᠨ ᠳ᠋ᠦ᠍ ᠭᠠᠷᠳᠠᠭᠤᠯᠬᠤ ᠳ᠋ᠤ᠌ ᠪᠠᠨ ᠡᠰᠢ ᠪᠡᠷ ᠨᠢ ᠥᠭᠳᠡᠭ᠃ ᠠᠢᠯ ᠳ᠋ᠤ᠌ ᠣᠷᠣᠬᠤ ᠳ᠋ᠤ᠌ ᠪᠠᠨ ᠬᠢᠲᠤᠭ᠎ᠠ ᠪᠠᠨ ᠪᠠᠭᠤᠯᠭᠠᠳᠠᠭ᠃ ᠡᠳᠡᠭᠡᠷ ᠪᠣᠯ ᠬᠤᠢ ᠬᠢᠲᠤᠭ᠎ᠠ ᠶ᠋ᠢᠨ ᠰᠣᠶᠣᠯ ᠤ᠋ᠨ ᠠᠭᠤᠯᠬᠤᠨ ᠮᠥᠨ᠃

ᠢᠷᠡᠯᠲᠡ᠄《ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ》 ᠠ᠋ᠴᠠ
ᠵᠣᠬᠢᠶᠠᠭᠴᠢ᠄  ᠤ᠋· ᠰ· ᠬᠥᠭᠵᠢᠯᠲᠦ ᠵᠣᠷᠢᠭᠲᠤ ᠵᠣᠬᠢᠶᠠᠪᠠ

   ᠦᠰᠦᠭ ᠠᠮᠢᠯᠠᠭᠤᠯᠤᠭᠴᠢ᠄ ᠲᠤᠶᠠᠭ᠎ᠠ᠂ ᠣᠳᠣᠨᠲᠤᠶᠠᠭ᠎ᠠ
   ᠬᠢᠨᠠᠭᠴᠢ᠄ ᠣᠳᠬᠠᠨᠰᠣ᠎ᠠ᠂ ᠨᠠᠷᠠᠨᠮᠠᠨᠳᠠ