ᠬᠥᠪᠰᠥᠯ ᠦ᠋ᠨ ᠤᠷᠰᠢᠭ- ᠪᠣᠷᠵᠢᠭᠢᠨ ᠪᠤᠶᠠᠨᠲᠤХөвсөлын уршиг-боржгин буянт
ᠬᠥᠪᠰᠥᠯ ᠦ᠋ᠨ ᠤᠷᠰᠢᠭ
︱ ᠪᠣᠷᠵᠢᠭᠢᠨ ᠪᠤᠶᠠᠨᠲᠤ
ᠬᠣᠷᠰᠢᠶᠠᠵᠢᠯ ᠪᠠᠢᠭᠤᠯᠪᠠᠯ ᠳᠡᠭᠵᠢᠷᠡᠬᠦ ᠶᠦᠮ ᠭᠡᠳ ᠯᠡ
ᠬᠤᠷᠠᠯ ᠪᠣᠯᠭᠠᠨ ᠢ᠋ᠶ᠋ᠠᠷ ᠤᠬᠠᠭᠤᠯᠭ᠎ᠠ ᠬᠢᠯ᠎ᠡ
ᠬᠣᠪᠢᠨ ᠤ᠋ ᠬᠢᠨᠢ ᠶᠠᠮᠠᠷ ᠭᠡᠳᠡᠭ ᠢ᠋ᠶ᠋ᠡᠨ ᠮᠡᠳᠡᠬᠦ ᠦᠭᠡᠢ
ᠬᠣᠭᠣᠰᠣᠨ ᠪᠣᠳᠣᠭᠠᠳ ᠵᠠᠷᠢᠮ ᠨᠢ ᠳᠡᠷᠪᠡᠯᠡ
ᠬᠤᠪᠢ ᠪᠠᠷ ᠢ᠋ᠶ᠋ᠠᠨ ᠤᠷᠢᠳᠠᠪᠡᠷ ᠪᠡᠯᠡ ᠭᠠᠷᠭᠠᠵᠤ
ᠬᠣᠢᠨ᠎ᠠ ᠨᠢ ᠨᠥᠬᠥᠪᠥᠷᠢ ᠪᠠᠭᠤᠬᠤ ᠶᠤᠮ ᠭᠡᠳ
ᠬᠣᠩᠭᠢᠯᠳᠠᠭ ᠠᠰᠪᠤᠷᠢ ᠮᠠᠨ ᠤ᠋ ᠬᠢᠨᠢ ᠵᠠᠷᠢᠮᠠᠳ
ᠬᠤᠷᠤᠭᠤ ᠪᠠᠨ ᠳᠠᠨᠵᠢᠯᠠᠭᠠᠳ ᠥᠷᠢ ᠲᠠᠯᠪᠢᠯ᠎ᠠ
ᠬᠤᠭᠤᠴᠠᠭ᠎ᠠ ᠲᠠᠢ ᠵᠢᠭᠡᠯᠡᠭᠰᠡᠨ ᠵᠢᠭᠡᠯᠡᠯᠭᠡ ᠪᠠᠢᠵᠤ ᠳᠠ
ᠬᠣᠷᠣᠮᠬᠠᠨ ᠵᠠᠭᠤᠷ᠎ᠠ ᠲᠤᠯᠤᠭᠠᠳ ᠢᠷᠡᠬᠦ ᠦᠭᠡᠢ ᠤᠤ
ᠬᠣᠪᠢᠨ ᠤ᠋ ᠠᠪᠤ ᠴᠢᠨᠢ ᠪᠢᠰᠢ ᠶᠦᠮ ᠬᠣᠢᠨ᠎ᠠ
ᠬᠣᠢᠰᠢᠯᠠᠭᠤᠯᠵᠤ ᠴᠢᠮ᠎ᠠ ᠶ᠋ᠢ ᠠᠮᠠᠷᠬᠠᠨ ᠲᠠᠯᠪᠢᠨ᠎ᠠ ᠤᠤ
ᠬᠣᠶᠠᠷ ᠦᠭᠡᠢ ᠶᠠᠪᠤᠯᠴᠠᠭ᠎ᠠ ᠲᠠᠢ ᠰᠠᠢᠬᠠᠨ ᠠᠬ᠎ᠠ ᠳᠡᠭᠦᠦ ᠨᠠᠷ ᠨᠢ
ᠬᠣᠭᠣᠷᠣᠨᠳᠣ ᠨᠢ ᠪᠠᠲᠤᠯᠠᠭ᠎ᠠ ᠣᠷᠣᠭᠰᠠᠨ ᠤ᠋ ᠤᠴᠢᠷ
ᠬᠤᠮᠢᠭᠳᠠᠵᠤ ᠪᠦᠬᠦᠨ ᠢ᠋ᠶ᠋ᠡᠷ ᠢ᠋ᠶ᠋ᠡᠨ ᠬᠠᠤᠯᠢ ᠳ᠋ᠤ᠌ ᠣᠷᠢᠶᠠᠭᠳᠠᠵᠤ
ᠬᠣᠷᠣᠭᠳᠠᠵᠤ ᠳᠡᠢᠯᠬᠦ ᠦᠭᠡᠢ ᠲᠡᠨᠦᠭᠦᠯᠴᠢᠨ ᠪᠣᠯᠤᠨ᠎ᠠ
ᠤᠯᠤᠰ ᠤ᠋ᠨ ᠲᠥᠷᠥᠯ ᠵᠦᠢᠯ ᠳ᠋ᠦ᠍ ᠭᠣᠷᠢᠯᠠᠨᠠ ᠭᠡᠳᠡᠭ
ᠤᠯᠠᠭᠠᠨ ᠭᠠᠯ ᠢ᠋ᠶ᠋ᠠᠷ ᠨᠠᠭᠠᠳᠤᠭᠰᠠᠨ ᠰᠢᠭ᠋ ᠶᠦᠮ ᠰᠢᠦ
ᠤᠨᠠᠬᠤ ᠳ᠋ᠤ᠌ ᠴᠢᠨᠢ ᠲᠤᠰᠤᠭᠰᠠᠨ ᠡᠯᠢᠭᠡᠨ ᠨᠤᠲᠤᠭ ᠲᠠᠭᠠᠨ
ᠤᠬᠠᠭᠠᠨ ᠲᠠᠢ ᠠᠮᠢᠳᠤᠷᠠᠪᠠᠯ ᠵᠢᠷᠭᠠᠯ ᠶᠤᠮ ᠰᠢᠦ
ᠬᠥᠭᠵᠢᠭᠰᠡᠨ ᠤᠯᠤᠰ ᠢ᠋ ᠳᠠᠭᠤᠷᠢᠶᠠᠬᠤ ᠶᠠᠪᠤᠳᠠᠯ ᠢ᠋
ᠬᠥᠭᠡᠷᠦᠬᠦᠢ ᠮᠠᠨ ᠤ᠋ ᠬᠢᠨᠢ ᠳᠡᠢᠯᠳᠡᠭ ᠦᠭᠡᠢ ᠶᠦᠮ ᠰᠢᠦ
ᠬᠥᠮᠦᠨ ᠴᠢᠨᠠᠷ ᠤ᠋ᠨ ᠥᠨᠳᠥᠷ ᠣᠷᠭᠢᠯ ᠳ᠋ᠤ᠌ ᠬᠦᠷᠬᠦ ᠭᠡᠭᠴᠢ
ᠬᠦᠰᠡᠯ ᠴᠢᠨᠢ ᠪᠠᠢᠪᠠᠴᠤ ᠵᠡᠭᠦᠳᠦ ᠶᠦᠮ ᠰᠢᠦ ᠮᠠᠨᠤᠰ ᠲᠤ
ᠠᠯᠠᠭ ᠦᠬᠡᠷ ᠲᠡᠵᠢᠭᠡᠵᠦ ᠪᠠᠶᠠᠵᠢᠭᠤᠯᠬᠤ ᠶᠤᠮ ᠭᠡᠳ
ᠠᠷᠠᠳ ᠤ᠋ᠨ ᠵᠠᠰᠠᠭ ᠠ᠋ᠴᠠ ᠮᠢᠨᠢ ᠲᠥᠷᠥᠯ ᠵᠦᠢᠯ ᠪᠠᠭᠤᠯᠭᠠᠯ᠎ᠠ
ᠠᠮᠢᠳᠤᠷᠠᠯ ᠢ᠋ᠶ᠋ᠠᠨ ᠳᠠᠭᠠᠳᠬᠠᠭᠰᠠᠨ ᠢᠲᠡᠭᠡᠮᠵᠢ ᠶ᠋ᠢᠨ ᠬᠣᠷᠰᠢᠶ᠎ᠠ ᠠ᠋ᠴᠠ
ᠠᠬᠤ ᠴᠤ᠌ ᠶᠡᠬᠡ ᠪᠡᠷ ᠵᠣᠭᠣᠰ ᠮᠥᠩᠭᠥ ᠪᠠᠭᠤᠯᠭᠠᠯ᠎ᠠ
ᠥᠨᠳᠥᠷ ᠦᠨ᠎ᠡ ᠲᠡᠢ ᠰᠸᠮᠡᠨ᠋ᠲᠡᠷ ᠦᠬᠡᠷ ᠢ᠋ ᠴᠢᠨᠢ
ᠥᠳᠥᠭᠡᠯᠭᠡᠨ ᠳ᠋ᠦ᠍ ᠣᠷᠣᠭᠰᠠᠨ ᠰᠢᠭ᠋ ᠬᠠᠯᠠᠭᠤᠨ ᠲᠠᠢ ᠠᠪᠤᠯ᠎ᠠ
ᠥᠭᠡᠳᠡᠯᠡᠬᠦ ᠠᠮᠢᠳᠤᠷᠠᠯ ᠤ᠋ᠨ ᠢ᠋ᠶ᠋ᠠᠨ ᠵᠡᠭᠦᠳᠦ ᠶ᠋ᠢ ᠮᠠᠨᠠᠭᠰᠠᠭᠠᠷ
ᠥᠩᠭᠡᠷᠡᠦ ᠴᠦ᠍ ᠤᠳᠠᠭᠰᠠᠨ ᠦᠭᠡᠢ ᠥᠷᠢ ᠪᠤᠴᠠᠬᠤ ᠪᠣᠯᠤᠯ᠎ᠠ
ᠲᠥᠷᠥ ᠵᠠᠰᠠᠭ ᠤ᠋ᠨ ᠲᠠᠮᠠᠭ᠎ᠠ ᠲᠠᠢ ᠲᠡᠳᠬᠦᠮᠵᠢ ᠶ᠋ᠢᠨ ᠮᠠᠯ ᠨᠢ
ᠲᠥᠷᠥᠬᠦ ᠶ᠋ᠢ ᠮᠡᠳᠡᠬᠦ ᠦᠭᠡᠢ ᠬᠠᠷ᠎ᠠ ᠰᠤᠪᠠᠢ ᠵᠠᠷᠢᠮ ᠨᠢ
ᠲᠦᠮᠡᠨ ᠡᠴᠡ ᠳᠡᠭᠡᠭᠦᠷ ᠶᠡᠬᠡ ᠶ᠋ᠢ ᠰᠠᠨᠠᠭᠰᠠᠨ ᠬᠦᠰᠡᠯ
ᠲᠦᠳᠡᠬᠡᠨ ᠵᠠᠭᠤᠷ᠎ᠠ ᠵᠠᠮᠬᠠᠷᠠᠬᠤ ᠶ᠋ᠢ ᠬᠡᠨ ᠰᠠᠨᠠᠯ᠎ᠠ
ᠲᠠᠨ ᠤ᠋ ᠮᠠᠨ ᠤ᠋ ᠮᠡᠳᠡᠳᠡᠭ ᠪᠦᠬᠦᠨ ᠢ᠋
ᠲᠩᠷᠢ ᠳ᠋ᠦ᠍ ᠲᠤᠯᠲᠠᠯ᠎ᠠ ᠪᠠᠨ ᠬᠡᠢ ᠦᠯᠢᠶᠡᠯᠭᠡᠨᠡ
ᠲᠡᠷᠡ ᠨᠢᠭᠡ ᠪᠠᠯᠠᠷᠠᠭᠰᠠᠨ ᠬᠠᠮᠲᠤ ᠶ᠋ᠢᠨ ᠬᠣᠷᠰᠢᠶᠠᠵᠢᠯ ᠨᠢ
ᠲᠧᠯᠸᠢᠰ ᠮᠡᠳᠡᠭᠡᠯᠡᠯ ᠳ᠋ᠦ᠍ ᠡᠯᠪᠡᠭ ᠬᠤᠷᠢᠶᠠᠯᠲᠠ ᠪᠠᠷ ᠬᠠᠯᠭᠢᠯᠠᠨ᠎ᠠ
ᠨᠠᠮ ᠢ᠋ᠶ᠋ᠠᠨ ᠳᠠᠭᠠᠭᠰᠠᠨ ᠨᠠᠮᠰᠠᠷᠠᠢ ᠮᠠᠯᠴᠢᠳ
ᠨᠠᠷᠠ ᠲᠠᠢ ᠡᠳᠦᠷ ᠢ᠋ᠶ᠋ᠡᠷ ᠳᠠᠭᠠᠷᠠᠳᠠᠰᠤ ᠬᠦᠷᠦᠨ᠎ᠡ
ᠨᠠᠭᠠᠳᠤᠬᠢ ᠥᠷᠢ ᠰᠢᠷᠢ ᠪᠡᠨ ᠪᠣᠳᠣᠬᠤ ᠪᠦᠷᠢ
ᠨᠠᠭᠠᠳᠤᠭᠳᠠᠭᠰᠠᠨ ᠶᠤᠮ ᠰᠢᠭ᠋ ᠲᠥᠷᠥᠭᠳᠡᠯ ᠢᠷᠡᠨ᠎ᠡ
ᠵᠢᠯᠠᠭ᠎ᠠ ᠳ᠋ᠤ᠌ ᠤᠷᠭᠤᠭᠰᠠᠨ ᠡᠪᠡᠰᠦ ᠰᠢᠭ
ᠵᠢᠪᠠᠷ ᠢ᠋ᠶ᠋ᠠᠨ ᠳᠠᠭᠠᠭᠠᠳ ᠬᠡᠢᠰᠬᠦ ᠶ᠋ᠢ ᠬᠢᠴᠢᠶᠡᠶ᠎ᠡ
ᠵᠠᠶᠠᠭ᠎ᠠ ᠲᠠᠢ ᠲᠥᠷᠥᠭᠰᠡᠨ ᠲᠠᠢᠪᠤᠩ ᠨᠤᠲᠤᠭ ᠲᠠᠭᠠᠨ
ᠵᠠᠮ ᠵᠠᠮ ᠤ᠋ᠨ ᠠᠮᠢᠳᠤᠷᠠᠯ ᠳ᠋ᠠᠭᠠᠨ ᠮᠡᠷᠡᠢᠨ ᠴᠢᠷᠮᠠᠢᠶ᠎ᠠ
ᠬᠦᠷᠦᠭᠡᠳ ᠢᠷᠡᠭᠰᠡᠨ ᠵᠣᠪᠠᠯᠠᠩ ᠬᠣᠣᠷ ᠢ᠋
ᠬᠥᠮᠥᠭᠡᠢ ᠪᠡᠨ ᠵᠠᠭᠤᠭᠠᠳ ᠲᠤᠭᠤᠯᠬᠤ ᠯᠠ ᠬᠡᠷᠡᠭᠲᠡᠢ
ᠬᠥᠮᠦᠨ ᠦ᠌ ᠠᠮᠢᠳᠤᠷᠠᠭᠰᠠᠨ ᠨᠤᠲᠤᠭ ᠲᠠᠢ ᠪᠣᠯᠬᠣᠷ
ᠬᠥᠭᠵᠢᠯ ᠪᠠᠢᠨ᠎ᠠ ᠭᠡᠳ ᠲᠠᠢᠪᠤᠩ ᠪᠣᠳᠣᠭᠠᠷᠠᠢ
2023.10.25
ᠦᠰᠦᠭ ᠠᠮᠢᠯᠠᠭᠤᠯᠤᠭᠴᠢ᠄ ᠱᠠᠭᠰᠠᠯ
ᠬᠢᠨᠠᠭᠴᠢ: ᠵ· ᠪᠤᠶᠠᠨᠲᠣᠭᠲᠠᠬᠤ ᠳᠡᠭᠵᠢᠨ
