ᠴᠡᠩᠬᠡᠷ ᠫᠢᠩᠲ᠋ᠸᠣᠲᠤ – ᠴ ᠂ ᠳᠣᠷᠵᠢᠭᠣᠳᠣᠪ Цэнхэр пинтвот – Ч ᠂ Доржготов
ᠴᠡᠩᠬᠡᠷ ᠫᠢᠩᠲ᠋ᠸᠣᠲᠤ
ᠴᠡᠩᠬᠡᠷ ᠫᠢᠩᠲ᠋ᠸᠦᠲᠤ①
2023᠂ 10᠂ 8 ᠤ ᠡᠳᠦᠷ
( ᠱᠣᠭ ᠥᠭᠦᠯᠡᠯᠭᠡ)
ᠮᠥᠩᠭᠥᠨ ᠦ᠌ ᠠᠪᠳᠠᠷ᠎ᠠ ᠶ᠋ᠢᠨ ᠬᠠᠵᠠᠭᠤ ᠳ᠋ᠤ᠌ ᠰᠠᠢᠬᠠᠨ ᠴᠡᠩᠬᠡᠷ ᠫᠢᠩᠲ᠋ᠸᠦ ᠲᠡᠢ ᠵᠢᠰᠦ ᠦᠵᠡᠭᠡ ᠦᠭᠡᠢ ᠡᠷ᠎ᠡ ᠰᠠᠭᠤᠵᠤ ᠪᠠᠢᠭᠰᠠᠨ ᠳ᠋ᠤ᠌ ᠭᠠᠢᠬᠠᠪᠠ᠃ ᠭᠠᠢᠬᠠᠭᠰᠠᠨ ᠮᠢᠨᠢ ᠭᠡᠪᠡᠯ ᠨᠢᠭᠡ ᠪᠣᠯ ᠪᠢ ᠲᠡᠢᠮᠦ ᠨᠢᠷᠪᠠ ᠦᠵᠡᠭᠡ ᠦᠭᠡᠢ᠂ ᠨᠢᠭᠡ ᠪᠣᠯ ᠪᠢ ᠲᠡᠢᠮᠦ ᠴᠡᠩᠬᠡᠷ ᠫᠢᠩᠲ᠋ᠸᠦᠲᠦ ᠲᠡᠢ ᠬᠥᠮᠦᠨ ᠦᠵᠡᠭᠡ ᠦᠭᠡᠢ ᠡᠨᠡ ᠬᠣᠶᠠᠷ ᠤ᠋ᠨ ᠨᠢᠭᠡ᠃
ᠲᠡᠭᠦᠨ ᠡᠴᠡ᠄
— ᠰᠣᠨᠢᠨ ᠳ᠋ᠤ᠌ ᠨᠡᠢᠲᠡᠯᠡᠭᠳᠡᠭᠰᠡᠨ ᠵᠦᠢᠯ ᠦ᠋ᠨ ᠬᠥᠯᠥᠰᠥ ᠮᠥᠩᠭᠥ ᠶ᠋ᠢ ᠲᠠ ᠣᠯᠭᠣᠬᠤ ᠤᠤ? ᠭᠡᠵᠦ ᠠᠰᠠᠭᠤᠪᠠᠯ᠄
— ᠤᠭ ᠨᠢ ᠴᠤ᠌ ᠪᠢ ᠠᠷᠠᠢ ᠬᠠᠮᠢᠭ᠎ᠠ ᠠ᠋ᠴᠠ ᠮᠥᠩᠭᠥ ᠣᠯᠭᠣᠵᠤ ᠰᠠᠭᠤᠬᠤ ᠪᠣᠢ ᠭᠡᠵᠦ ᠴᠡᠩᠬᠡᠷ ᠫᠢᠩᠲ᠋ᠸᠦᠲᠦ ᠤᠴᠢᠷ ᠣᠢᠯᠠᠭᠠᠮᠵᠢ ᠦᠭᠡᠢ ᠢᠴᠢᠩᠭᠦᠷᠡᠭᠰᠡᠨ ᠢ᠋ᠶ᠋ᠡᠨ᠄
— ᠮᠠᠨ ᠤ᠋ ᠮᠥᠩᠭᠥᠨ ᠦ᠌ ᠨᠢᠷᠪᠠ ᠠᠮᠠᠷᠠᠭᠠᠳ ᠪᠢ ᠡᠨᠡ ᠵᠠᠪᠠᠭᠠᠨ ᠠᠵᠢᠯ ᠳ᠋ᠤ᠌ ᠲᠦᠷ ᠲᠣᠬᠣᠭᠳᠠᠭᠠᠳ ᠪᠠᠢᠨ᠎ᠠ ᠭᠡᠪᠡ᠃ ᠲᠡᠭᠦᠨ ᠢ᠋ ᠬᠠᠷᠠᠪᠠᠰᠤ ᠨᠢᠷᠪᠠ ᠪᠢᠰᠢ ᠨᠢ ᠢᠯᠡ ᠠᠲᠠᠯ᠎ᠠ ᠢᠩᠭᠢᠵᠦ ᠢᠴᠢᠳᠡᠭ ᠨᠢ ᠢᠯᠡᠭᠦᠦ ᠵᠠᠩ ᠮᠡᠲᠦ ᠪᠣᠳᠣᠭᠳᠠᠯ᠎ᠠ᠃
ᠪᠢ ᠲᠡᠭᠦᠨ ᠳ᠋ᠦ᠍ ᠨᠡᠷ᠎ᠡ ᠤᠰᠤ ᠪᠠᠨ ᠬᠡᠯᠡᠯ᠎ᠡ᠃ ᠢᠳᠡᠪᠬᠢᠲᠡᠨ ᠪᠢᠴᠢᠭᠲᠡᠳ ᠦ᠋ᠨ ᠱᠠᠩᠨᠠᠯ ᠤ᠋ᠨ ᠬᠦᠰᠦᠨᠦᠭᠲᠦ ᠡᠴᠡ ᠲᠡᠷᠡ ᠮᠢᠨᠦ ᠨᠡᠷ᠎ᠡ ᠶ᠋ᠢ ᠬᠠᠢᠵᠤ ᠡᠬᠢᠯᠡᠪᠡ᠃ ᠲᠡᠭᠡᠭᠰᠡᠨ ᠢ᠋ᠶ᠋ᠡᠨ《 ᠲᠠᠨ ᠤ᠋ ᠨᠡᠷ᠎ᠡ ᠡᠨᠳᠡ ᠠᠯᠠᠭ᠎ᠠ ᠳᠠ》 ᠭᠡᠳ ᠨᠠᠳᠠ ᠤᠷᠤᠭᠤ ᠶᠣᠵᠣᠲᠠᠢ ᠬᠠᠷᠠᠯ᠎ᠠ᠃ ᠪᠢ᠄
— ᠠᠯᠠᠭ᠎ᠠ ᠤᠤ? ᠭᠡᠵᠦ ᠶᠠᠯᠢᠮ ᠦᠭᠡᠢ ᠭᠣᠮᠣᠳᠠᠯ ᠲᠠᠢ ᠥᠭᠦᠯᠡᠭᠡᠳ ᠤᠭ ᠨᠢ ᠪᠠᠢᠬᠤ ᠶᠣᠰᠣᠲᠠᠢ ᠰᠠᠨ ᠭᠡᠳ ᠰᠠᠨᠠᠭ᠎ᠠ ᠠᠯᠳᠠᠪᠠ᠃ ᠴᠡᠩᠬᠡᠷ ᠫᠢᠩᠲ᠋ᠸᠦᠲᠦ ᠨᠡᠷᠡᠰ ᠦ᠋ᠨ ᠵᠢᠭᠰᠠᠭᠠᠯᠲᠠ ᠶ᠋ᠢ ᠳᠡᠭᠡᠷ᠎ᠡ ᠡᠴᠡ ᠳᠣᠭᠣᠭᠰᠢ ᠳᠠᠬᠢᠨ ᠱᠦᠭᠦᠷᠳᠡᠭᠰᠡᠨ ᠢ᠋ᠶ᠋ᠡᠨ ᠳᠣᠣᠷ᠎ᠠ ᠠ᠋ᠴᠠ ᠨᠢ ᠥᠭᠡᠳᠡ ᠨᠢ ᠰᠥᠷᠭᠡᠭᠡᠵᠦ ᠦᠵᠡᠯ᠎ᠡ᠃《 ᠵᠠ ᠠᠰᠢᠭᠦᠢ᠂ ᠣᠳᠣ ᠣᠯᠤᠨ᠎ᠠ ᠪᠠᠢᠬ᠎ᠠ》 ᠭᠡᠵᠦ ᠭᠣᠷᠢᠳᠠᠯᠠ᠃ ᠲᠡᠭᠡᠲᠡᠯ᠎ᠡ ᠮᠠᠨᠢ ᠬᠥᠮᠦᠨ ᠨᠠᠳᠠ ᠠ᠋ᠴᠠ《 ᠢᠩᠭᠢᠬᠦ ᠳ᠋ᠦ᠍ ᠴᠢ ᠨᠡᠷ᠎ᠡ ᠪᠡᠨ ᠬᠡᠨ ᠭᠡᠯᠡ》 ᠭᠡᠵᠦ ᠪᠠᠢᠨ᠎ᠠ᠃ ᠪᠢ《 ᠳᠣᠷᠵᠢᠭᠣᠲᠤᠪ》 ᠭᠡᠳᠡᠭ ᠭᠡᠯᠡ᠃ ᠲᠡᠷᠡ《 ᠠ ᠲᠡᠢᠮᠦ᠂ ᠨᠡᠭᠡᠷᠡᠨ ᠳᠣᠷᠵᠢᠭᠣᠲᠤᠪ ᠭᠡᠯᠡ ᠤᠤ᠂ ᠬᠡ ᠬᠡ᠁ ᠴᠢ ᠪᠢᠳᠡ ᠬᠣᠶᠷ ᠡᠨᠡᠦᠬᠡᠨ ᠳ᠋ᠡᠭᠡᠨ ᠬᠥᠭᠡᠷᠦᠬᠦᠨ ᠪᠤᠳᠤᠯᠢᠬᠤ ᠨᠢ ᠠ᠋》 ᠭᠡᠭᠰᠡᠭᠡᠷ ᠴᠠᠪ ᠴᠠᠭᠠᠨ ᠴᠠᠭᠠᠰᠤᠨ ᠳᠡᠭᠡᠷ᠎ᠡ ᠵᠢᠷᠢᠢᠬᠦ ᠨᠡᠷ᠎ᠡ ᠪᠦᠷᠢ ᠶ᠋ᠢ ᠬᠠᠮᠠᠷ ᠢ᠋ᠶ᠋ᠠᠷ ᠢ᠋ᠶ᠋ᠠᠨ ᠬᠡᠳᠡᠷᠡᠪᠡ᠃ ᠲᠡᠭᠡᠭᠰᠡᠨ ᠢ᠋ᠶ᠋ᠡᠨ ᠲᠣᠯᠣᠭᠠᠢ ᠪᠠᠨ ᠰᠡᠬᠦᠵᠦ᠄
— ᠠᠯᠠᠭ᠎ᠠ ᠳᠠ᠂ ᠳᠣᠷᠵᠢᠫᠦᠷᠪᠦ ᠮᠢᠨᠢ! ᠭᠡᠯᠡ᠃
— ᠲᠠ ᠳᠣᠷᠵᠢᠫᠦᠷᠪᠦ ᠭᠡᠰᠡᠨ ᠨᠡᠷ᠎ᠡ ᠬᠠᠢᠭᠠᠳ ᠪᠠᠢᠨ᠎ᠠ ᠤᠤ? ᠭᠡᠪᠡᠯ ᠲᠡᠷᠡ ᠨᠢᠳᠦᠨ ᠦ᠌ ᠪᠡᠨ ᠰᠢᠯ ᠢ᠋ ᠠᠪᠴᠤ ᠨᠠᠳᠠ ᠤᠷᠤᠭᠤ ᠠᠶᠠᠭᠦᠢ ᠬᠠᠷᠠᠭᠰᠠᠨ ᠢ᠋ᠶ᠋ᠠᠨ᠄
— ᠴᠢ ᠥᠪᠡᠷ ᠢ᠋ᠶ᠋ᠡᠨ ᠳᠣᠷᠵᠢᠫᠦᠷᠪᠦ ᠭᠡᠰᠡᠨ ᠪᠢᠵᠡ ᠳᠡ ᠭᠡᠨ᠎ᠡ᠃
— ᠦᠭᠡᠢ ᠠ᠋᠂ ᠪᠢ ᠳᠣᠷᠵᠢᠭᠣᠲᠤᠪ ᠭᠡᠰᠡᠨ ᠰᠢᠦ! ᠭᠡᠳ ᠬᠠᠷ᠎ᠠ ᠪᠠᠭ᠎ᠠ ᠠ᠋ᠴᠠ ᠣᠯᠤᠭᠰᠠᠨ ᠵᠠᠩ ᠢ᠋ᠶ᠋ᠠᠷ ᠢ᠋ᠶ᠋ᠠᠨ ᠬᠠᠷᠠᠴᠠ ᠳᠠᠯᠳᠠᠴᠢᠨ ᠢᠨᠢᠶᠡᠮᠰᠦᠭᠯᠡᠪᠡᠯ ᠰᠠᠢᠬᠠᠨ ᠴᠡᠩᠬᠡᠷ ᠫᠢᠩᠲ᠋ᠸᠦᠲᠦ《 ᠦ ᠶᠠᠮᠠᠷ ᠪᠠᠯᠠᠢ ᠶᠤᠮ ᠪᠣᠢ?》 ᠭᠡᠮᠡᠨ ᠭᠠᠷ ᠳᠠᠬᠢ ᠴᠠᠭᠠᠰᠤ ᠪᠠᠨ ᠰᠢᠳᠡᠭᠡᠳ ᠨᠠᠳᠠ ᠳ᠋ᠤ᠌ ᠠᠭᠤᠷᠯᠠᠬᠤ ᠭᠡᠰᠡᠨ ᠨᠢ ᠨᠢᠷᠪᠠ ᠶ᠋ᠢᠨ ᠠᠵᠢᠯ ᠠ᠋ᠴᠠ ᠪᠣᠯᠪᠠ ᠤᠤ ᠨᠢᠭᠡ ᠯᠡ ᠪᠣᠯᠵᠤ ᠥᠭᠭᠦᠭᠰᠡᠨ ᠦᠭᠡᠢ ᠶᠠᠩᠵᠤ ᠲᠠᠢ᠄
— ᠡᠨᠡ ᠠᠵᠢᠯ ᠴᠤ᠌ ᠶᠣᠰᠣᠲᠠᠢ ᠪᠠᠷᠠᠵᠤ ᠢᠳᠡᠬᠦ ᠦᠭᠡᠢ ᠬᠣᠭᠣᠯᠠ ᠪᠣᠯᠤᠯᠲᠠᠢ ᠭᠡᠳ《 ᠮᠠᠭᠤ ᠨᠢᠷᠪᠠ ᠶ᠋ᠢᠨ ᠠᠵᠢᠯ ᠢ᠋》 ᠳᠣᠭᠣᠭᠢᠯᠠᠬᠤ ᠪᠠᠷ ᠨᠠᠮ᠎ᠠ ᠶ᠋ᠢ ᠤᠷᠢᠶᠠᠯᠠᠨ ᠢᠨᠢᠶᠡᠪᠡ᠃ ᠲᠡᠭᠦᠨ ᠦ᠌ ᠴᠢᠷᠠᠢ ᠶ᠋ᠢ ᠠᠵᠢᠪᠠᠯ ᠨᠢᠷᠪᠠ ᠶ᠋ᠢᠨ ᠠᠵᠢᠯ ᠳ᠋ᠤ᠌ ᠭᠣᠳᠣᠭᠠᠳ ᠠᠭᠤᠷ ᠲᠠᠭᠠᠨ ᠬᠥᠮᠦᠨ ᠵᠠᠩᠨᠠᠬᠤ ᠭᠡᠳ ᠪᠠᠢᠬᠤ ᠰᠢᠭ᠋ ᠬᠠᠷᠠᠭᠳᠠᠨ᠎ᠠ᠃ ᠬᠥᠮᠦᠨ ᠵᠠᠩᠨᠠᠬᠤ ᠶᠠᠮᠠᠷ ᠪᠠᠢᠳᠠᠭ ᠢ᠋ ᠵᠠᠶᠠᠭᠠᠨ ᠳᠡᠯᠭᠡᠷ ᠮᠡᠳᠡᠬᠦ ᠦᠭᠡᠢ ᠶᠦ᠍ᠮ᠃ ᠴᠡᠩᠬᠡᠷ ᠫᠢᠩᠲ᠋ᠸᠦᠲᠦ ᠨᠠᠮ᠎ᠠ ᠶ᠋ᠢ ᠲᠦᠪᠡᠭᠰᠢᠶᠡᠨ ᠳᠤᠷ᠎ᠠ ᠦᠭᠡᠢᠴᠡᠯ ᠢ᠋ᠶ᠋ᠡᠨ ᠨᠢᠭᠤᠵᠤ ᠶᠠᠳᠠᠨ ᠨᠡᠷᠡᠰ ᠦ᠋ᠨ ᠵᠢᠭᠰᠠᠭᠠᠯᠲᠠ ᠶ᠋ᠢ ᠥᠭᠡᠳᠡ ᠨᠢ ᠠᠪᠴᠤ᠄
— ᠮᠠᠢ ᠴᠢ ᠥᠪᠡᠷ ᠢ᠋ᠶ᠋ᠡᠨ ᠨᠡᠷ᠎ᠡ ᠪᠡᠨ ᠬᠠᠷ᠎ᠠ ᠳᠠ ᠳᠣᠷᠵᠢᠭᠣᠴᠣᠣ! ᠭᠡᠪᠡ᠃
ᠪᠢ ᠵᠢᠭᠰᠠᠭᠠᠯᠲᠠ ᠶ᠋ᠢ ᠭᠠᠷ ᠲᠠᠭᠠᠨ ᠠᠪᠤᠭᠰᠠᠨ ᠦᠭᠡᠢ᠃
— ᠦ ᠮᠢᠨᠦ ᠨᠡᠷ᠎ᠡ ᠳᠡᠭᠡᠷ᠎ᠡ ᠡᠴᠡ ᠪᠡᠨ ᠭᠤᠷᠪᠠ ᠳ᠋ᠤ᠌ ᠪᠠᠢᠨ᠎ᠠ ᠭᠡᠵᠦ ᠳᠠᠭᠤ ᠠᠯᠳᠠᠪᠠ᠃ ᠴᠡᠩᠬᠡᠷ ᠫᠢᠩᠲ᠋ᠸᠦᠲᠦ ᠮᠢᠨᠦ ᠨᠡᠷ᠎ᠡ ᠶ᠋ᠢ ᠤᠩᠰᠢᠭᠰᠠᠨ ᠢ᠋ᠶ᠋ᠠᠨ᠄
— ᠴᠢ ᠬᠦ ᠨᠡᠷ᠎ᠡ ᠪᠡᠨ ᠳᠣᠷᠵᠢᠶᠣᠨᠳᠣᠨ ᠭᠡᠬᠦ ᠴᠢᠨᠢ ᠪᠢᠯᠡ᠃ ᠪᠢ ᠡᠨᠳᠡ ᠳᠣᠷᠵᠢᠶᠣᠨᠳᠣᠨ ᠭᠡᠰᠡᠨ ᠨᠡᠷ᠎ᠡ ᠡᠷᠢᠭᠡᠳ ᠪᠠᠢᠭ᠎ᠠ ᠶᠤᠮ ᠴᠢᠨᠢ ᠶᠠᠭᠠᠬᠢᠵᠤ ᠳᠣᠷᠵᠢᠪᠠᠯᠳᠠᠨ ᠭᠡᠰᠡᠨ ᠨᠡᠷ᠎ᠡ ᠶ᠋ᠢ ᠣᠯᠬᠤ ᠶᠤᠮ ᠪᠣᠢ ᠭᠡᠵᠦ ᠤᠴᠠᠭᠠᠷᠯᠠᠪᠠ᠃
ᠳᠣᠷᠵᠢᠭᠣᠲᠤᠪ ᠭᠡᠰᠡᠨ ᠶᠦᠮ ᠰᠠᠨ ᠭᠡᠳ ᠪᠢ ᠳᠣᠣᠷ᠎ᠠ ᠪᠠᠨ ᠨᠠᠪᠲᠠᠢᠪᠠ᠃
— ᠴᠢᠮ᠎ᠠ ᠶ᠋ᠢ ᠭᠣᠴᠣᠣᠳᠣᠷᠵᠢ ᠭᠡᠵᠦ ᠬᠡᠯᠡᠭᠰᠡᠭᠡᠷ ᠪᠠᠢᠲᠠᠯ᠎ᠠ ᠪᠢ ᠳᠣᠵᠣᠣᠳᠣᠷᠵᠢ ᠭᠡᠰᠡᠨ ᠨᠡᠷ᠎ᠡ ᠡᠷᠢᠭᠡ ᠤᠤ? ᠴᠢ ᠶᠡᠷᠦ ᠨᠢ ᠨᠡᠷ᠎ᠡ ᠪᠡᠨ ᠶᠠᠩᠵᠤ ᠪᠦᠷᠢ ᠬᠡᠯᠡᠭᠰᠡᠨ ᠬᠠᠮᠢᠭᠠᠰᠢ ᠡᠲᠡᠭᠡᠳ ᠪᠣᠢ?᠁ ᠠᠯᠢᠪ᠂ ᠦᠨᠡᠮᠯᠡᠬᠦ ᠪᠢᠴᠢᠭ ᠪᠠᠢᠳᠠᠭ ᠪᠣᠯ ᠲᠡᠭᠦᠨ ᠢ᠋ ᠪᠡᠨ ᠰᠢᠯᠭᠠᠭᠤᠯ! ᠭᠡᠵᠦ ᠲᠡᠷᠡ ᠰᠦᠷ ᠪᠠᠳᠠᠷᠠᠭᠤᠯᠤᠯ᠎ᠠ᠃
ᠡᠢᠮᠦ ᠬᠥᠮᠦᠨ ᠲᠡᠢ ᠮᠡᠳᠬᠡᠯᠴᠡᠬᠦ ᠠᠰᠢᠭ ᠦᠭᠡᠢ ᠪᠠᠢᠳᠠᠭ ᠢ᠋ ᠪᠢ ᠭᠠᠳᠠᠷᠯᠠᠬᠤ ᠲᠤᠯᠠ ᠳᠤᠤᠭᠠᠷᠤᠭᠰᠠᠨ ᠦᠭᠡᠢ᠃ ᠤᠭ ᠨᠢ ᠴᠤ᠌ ᠬᠡᠯᠡᠪᠡᠯ ᠬᠡᠯᠡᠮᠡᠷ ᠦᠭᠡ ᠪᠠᠢᠯ᠎ᠠ᠃ ᠲᠡᠷᠡ ᠪᠡᠷ ᠮᠢᠨᠦ ᠦᠨᠡᠮᠯᠡᠬᠦ ᠶ᠋ᠢ ᠤᠩᠰᠢᠬᠤ ᠪᠢᠰᠢ ᠦᠨᠦᠷᠯᠡᠵᠦ ᠦᠵᠡᠭᠰᠡᠨ ᠢ᠋ᠶ᠋ᠡᠨ ᠨᠠᠳᠠ ᠳ᠋ᠤ᠌ ᠮᠥᠩᠭᠥ ᠥᠭᠬᠦ ᠪᠡᠷ ᠪᠣᠯᠤᠭᠰᠠᠨ ᠪᠣᠯᠪᠠᠴᠤ ᠮᠥᠩᠭᠥᠨ ᠦ᠌ ᠠᠪᠳᠠᠷ᠎ᠠ ᠳ᠋ᠤ᠌ ᠲᠦᠯᠬᠢᠭᠦᠷ ᠢ᠋ᠶ᠋ᠡᠨ ᠬᠢᠭᠡᠳ ᠵᠤᠭᠤᠴᠢᠬᠠᠯᠠ᠃ ᠬᠥᠮᠥᠭᠡᠢ ᠵᠠᠭᠤᠨ ᠲᠦᠯᠬᠢᠭᠦᠷ ᠲᠡᠢ ᠪᠡᠨ ᠨᠣᠴᠣᠯᠳᠤᠬᠤ ᠳ᠋ᠠᠭᠠᠨ《 ᠦᠭᠡᠢ ᠡᠢᠮᠦ ᠪᠦᠳᠦᠭᠦᠯᠢᠭ ᠴᠣᠣᠵᠢ ᠪᠠᠢᠳᠠᠭ ᠠ! ᠫᠧᠢ᠂ ᠡᠢᠮᠦ ᠭᠣᠯᠣᠭᠳᠠᠯ ᠲᠦᠯᠬᠢᠭᠦᠷ ᠪᠠᠰᠠ᠁ ᠦᠭᠡᠢ ᠶᠡᠷᠦ ᠶᠠᠭᠤ ᠴᠤ᠌ ᠭᠡᠬᠦ ᠪᠣᠢ ᠳᠠ》 ᠭᠡᠵᠦ ᠴᠥᠬᠦᠷᠡᠩᠭᠦᠢ ᠥᠭᠦᠯᠡᠭᠰᠡᠨ ᠢ᠋ᠶ᠋ᠡᠨ ᠨᠠᠳᠠ ᠳ᠋ᠤ᠌᠄
— ᠡᠭᠦᠨ ᠢ᠋ ᠶᠠᠮᠠᠷ ᠪᠣᠯᠪᠠᠰᠤᠷᠠᠯ ᠦᠭᠡᠢ ᠠᠮᠢᠲᠠᠨ ᠬᠢᠭᠡ ᠪᠣᠯ ᠭᠡᠳ ᠬᠥᠯᠥᠰᠥ ᠪᠡᠨ ᠠᠷᠴᠢᠪᠠ᠃
ᠡᠨᠡ ᠵᠠᠭᠤᠷ᠎ᠠ ᠨᠠᠳᠠ ᠳ᠋ᠤ᠌ ᠰᠠᠢᠬᠠᠨ ᠴᠡᠩᠬᠡᠷ ᠫᠢᠩᠲ᠋ᠸᠦᠲᠦ ᠶ᠋ᠢ ᠦᠷᠦ ᠡᠪᠡᠳᠬᠦ ᠰᠡᠳᠬᠢᠯ ᠲᠥᠷᠥᠵᠦ ᠲᠤᠰᠠᠯᠠᠬᠤ ᠪᠠᠷ ᠰᠢᠢᠳᠴᠦ᠄
— ᠪᠢ ᠨᠢᠭᠡ ᠣᠷᠣᠯᠳᠣᠭᠠᠳ ᠦᠵᠡᠬᠦ ᠤᠤ? ᠭᠡᠪᠡᠯ ᠲᠡᠷᠡ ᠨᠠᠮ᠎ᠠ ᠶ᠋ᠢ ᠰᠡᠵᠢᠭᠯᠡᠭᠰᠡᠨ ᠪᠠᠢᠳᠠᠯ ᠲᠠᠢ ᠠᠵᠢᠭᠯᠠᠵᠤ ᠪᠠᠢᠨ᠎ᠠ᠃ ᠲᠡᠭᠡᠲᠡᠯ᠎ᠡ ᠤᠲᠠᠰᠤ ᠨᠢ ᠭᠡᠨᠡᠳᠲᠡ ᠳᠡᠰ ᠬᠢᠨ ᠳᠤᠤᠭᠠᠷᠴᠤ ᠪᠢᠳᠡ ᠬᠣᠶᠠᠭᠤᠯᠠ ᠪᠣᠨᠳᠣᠭᠣᠰᠭᠢᠪᠡ᠃ ᠲᠡᠷᠡ ᠤᠲᠠᠰᠤ ᠪᠠᠨ ᠠᠪᠴᠤ ᠴᠢᠩᠨᠠᠭᠠᠳ᠄
— ᠪᠢ ᠤᠤ?᠁ ᠠᠷᠠᠢ ᠴᠤ᠌ ᠨᠢᠷᠪᠠ ᠪᠢᠰᠢ ᠠ᠋᠃ ᠨᠢᠷᠪᠠ ᠠᠮᠠᠷᠠᠭᠰᠠᠨ᠂ ᠮᠥᠩᠭᠥ ᠤᠤ? ᠣᠯᠭᠣᠵᠤ ᠪᠠᠢᠨ᠎ᠠ᠃ ᠣᠳᠣᠬᠠᠨ ᠳ᠋ᠠᠭᠠᠨ ᠪᠢ ᠴᠤ᠌ ᠣᠯᠭᠣᠵᠤ ᠪᠣᠯᠬᠤ ᠶᠤᠮ᠂ ᠶᠡᠷᠦ ᠨᠢ ᠮᠠᠨ ᠤ᠋ ᠪᠦᠬᠦ ᠬᠠᠷᠢᠭᠤᠴᠠᠯᠭᠠᠲᠠᠨ ᠨᠢᠷᠪᠠ ᠶ᠋ᠢ ᠢᠷᠡᠲᠡᠯ᠎ᠡ ᠡᠭᠡᠯᠵᠢ ᠪᠡᠷ ᠮᠥᠩᠭᠥ ᠣᠯᠭᠣᠬᠤ ᠶᠤᠮ᠃ ᠬᠡ ᠬᠡ᠂ ᠪᠢ ᠤᠤ? ᠴᠣᠢᠶᠣᠩ! ᠠᠩ? ᠰᠠᠢᠨ! ᠰᠠᠢᠨ ᠪᠠᠢᠨ᠎ᠠ ᠤᠤ? ᠴᠢ ᠬᠡᠨ ᠪᠣᠢ? ᠦ ᠵᠠᠯᠪᠠᠭᠠ ᠤᠤ? ᠮᠠᠭᠤ ᠬᠥᠭᠰᠢᠨ ᠴᠢᠨᠢ ᠪᠦᠷ ᠨᠢᠷᠪᠠ ᠳᠡᠭᠡᠷ᠎ᠡ ᠪᠠᠭᠤᠭᠰᠠᠨ ᠰᠢᠦ ᠳᠡ᠃ ᠨᠡᠭᠡᠷᠡᠨ ᠪᠠᠢᠯᠭᠦᠢ ᠶᠠᠭᠠᠬᠢᠬᠤ ᠪᠣᠢ᠃ ᠬᠡ ᠬᠡ᠂ ᠬᠤᠳᠠᠯ ᠠ᠋ ᠬᠤᠳᠠᠯ ᠠ᠋᠂ ᠲᠣᠭᠯᠠᠭᠰᠠᠨ ᠰᠢᠦ ᠳᠡ᠃ ᠠᠷᠠᠢ ᠴᠤ᠌ ᠳᠠ ᠪᠢ ᠪᠠᠰᠠ᠂ ᠬᠠᠷᠢᠨ ᠴᠢ ᠴᠠᠭᠠᠰᠢ ᠨᠢ ᠴᠣᠢᠶᠣᠩ ᠨᠢᠷᠪᠠ ᠪᠣᠯᠤᠭᠰᠠᠨ ᠭᠡᠨ᠎ᠡ ᠭᠡᠳ ᠪᠢᠲᠡᠭᠡᠢ ᠴᠤᠤᠷᠢᠶᠠᠲᠤᠭᠠᠳ ᠪᠠᠢᠭᠠᠷᠠᠢ᠁ ᠬᠥᠶᠢ ᠵᠠᠯᠪᠠᠭᠠ ᠠ᠋᠂ ᠴᠢ ᠨᠠᠳᠠ ᠳ᠋ᠤ᠌ ᠮᠠᠢᠬᠠᠨ ᠤ᠋ ᠬᠡᠳᠦᠨ ᠮᠣᠳᠣᠨ ᠭᠠᠳᠠᠰᠤ ᠦᠵᠦᠭᠦᠷᠯᠡᠭᠡᠳ ᠥᠭᠭᠦᠭᠡᠴᠢ᠃ ᠶᠠᠭᠠᠬᠢᠬᠤ ᠨᠢ ᠴᠢᠮ᠎ᠠ ᠳ᠋ᠤ᠌ ᠫᠠᠳ ᠦᠭᠡᠢ᠃ ᠶᠠᠭᠤ? ᠥᠪᠡᠷ ᠢ᠋ᠶ᠋ᠡᠨ ᠦᠵᠦᠭᠦᠷᠯᠡᠪᠡᠯ ᠶᠠᠭᠠᠬᠢᠭᠰᠠᠨ ᠶᠤᠮ ᠪᠣᠢ? ᠵᠠ ᠪᠣᠯᠢᠶ᠎ᠠ ᠳᠠ᠂ ᠠᠷᠠᠢ ᠴᠤ᠌ ᠳᠠ! ᠪᠢ ᠶᠠᠭᠠᠬᠢᠵᠤ ᠭᠠᠳᠠᠰᠤ᠁ ᠮᠡᠳᠡᠭᠡᠵᠢ ᠪᠢ ᠲᠡᠢᠮᠦᠷᠬᠦᠦ ᠠᠵᠢᠯ ᠶᠠᠭᠠᠬᠢᠵᠤ ᠬᠢᠵᠦ ᠰᠠᠭᠤᠬᠤ ᠶᠤᠮ ᠪᠣᠢ᠃ ᠴᠢᠳᠠᠳᠠᠭ ᠢ᠋ᠶ᠋ᠠᠷ ᠢ᠋ᠶ᠋ᠠᠨ ᠴᠢ ᠯᠡ ᠬᠥᠭᠰᠢᠨ ᠳ᠋ᠡᠭᠡᠨ ᠲᠤᠰᠠ ᠪᠣᠯ᠃ ᠪᠢ ᠴᠢᠮ᠎ᠠ ᠶ᠋ᠢ ᠤᠷᠢᠳᠤ ᠰᠠᠢᠨ ᠮᠤᠵᠢᠶᠠᠩ ᠭᠡᠵᠦ ᠮᠠᠨᠳᠤᠭᠤᠯᠵᠤ ᠶᠠᠪᠤᠭᠰᠠᠨ ᠢ᠋ ᠠᠷᠠᠢ ᠮᠠᠷᠲᠠᠭ᠎ᠠ ᠦᠭᠡᠢ ᠪᠢᠵᠡ ᠂ ᠶᠠᠭᠤ?᠁ ᠦᠭᠡᠢ ᠶᠡᠷᠦ ᠂ ᠴᠢ ᠭᠠᠳᠠᠰᠤ ᠦᠵᠦᠭᠦᠷᠯᠡᠬᠦ ᠦᠭᠡᠢ ᠬᠡᠵᠢᠶ᠎ᠡ ᠲᠡᠢᠮᠦ ᠯᠤᠲᠤ ᠪᠣᠯᠴᠢᠬᠠᠪᠠ᠃ ᠵᠠ ᠭᠠᠢᠭᠤᠢ ᠴᠤ᠌ ᠶᠤᠮᠰᠠᠨᠵᠠᠢ᠃ ᠶᠡᠬᠡ ᠶᠠᠭᠤᠮ᠎ᠠ ᠪᠠᠷ ᠪᠣᠭᠣᠵᠤ ᠳᠠ᠂ ᠬᠤᠷᠤᠭᠤᠨ ᠤ᠋ ᠦᠵᠦᠭᠦᠷ ᠢ᠋ᠶ᠋ᠡᠷ ᠪᠦᠲᠦᠭᠡᠬᠦ ᠶᠠᠭᠤᠮ᠎ᠠ ᠶ᠋ᠢ᠁ ᠪᠢ ᠳᠠᠩᠴᠤ ᠲᠡᠢᠮᠦ ᠠᠵᠢᠯ ᠢ᠋ ᠲᠣᠭᠣᠵᠤ ᠤᠷᠤᠯᠳᠤᠵᠤ ᠶᠠᠪᠤᠭᠰᠠᠨ ᠦᠭᠡᠢ᠃ ᠵᠠ ᠵᠠ ᠪᠣᠯᠢᠶ᠎ᠠ᠂ ᠪᠣᠯᠢᠶ᠎ᠠ! ᠦᠭᠡᠢ ᠦᠭᠡᠢ! ᠴᠢᠮ᠎ᠠ ᠪᠠᠷ ᠬᠢᠯᠭᠡᠬᠦ ᠦᠭᠡᠢ᠃ ᠪᠠᠶᠠᠷᠲᠠᠢ! ᠭᠡᠳ ᠤᠲᠠᠰᠤ ᠪᠠᠨ ᠲᠠᠷ ᠬᠢᠲᠡᠯ᠎ᠡ ᠰᠢᠲᠠᠪᠠ᠃ ᠬᠡᠯᠡᠮᠡᠭᠳᠡᠭᠰᠡᠨ ᠤᠲᠠᠰᠤ ᠬᠣᠩᠰᠢᠶᠠᠷ ᠤᠷᠤᠭᠤ ᠪᠠᠨ ᠲᠠᠲᠠᠭᠤᠯᠤᠭᠰᠠᠨ ᠨᠣᠬᠠᠢ ᠠᠳᠠᠯᠢ《 ᠭᠠᠩ》 ᠭᠡᠵᠦ ᠭᠠᠰᠠᠯᠤᠭᠠᠳ ᠳᠠᠬᠢᠵᠤ ᠳᠤᠤᠭᠠᠷᠬᠤ ᠪᠠᠷ ᠦᠭᠡᠢ ᠴᠢᠮᠡᠭᠡ ᠲᠠᠰᠤᠷᠠᠪᠠ᠃
ᠴᠡᠩᠬᠡᠷ ᠫᠢᠩᠲ᠋ᠸᠦᠲᠦ ᠨᠠᠳᠠ ᠳ᠋ᠤ᠌᠄
— ᠬᠥᠮᠦᠨ ᠪᠠᠰᠠ ᠬᠠᠴᠢᠨ ᠠ᠋᠂ ᠬᠠᠮᠢᠭ᠎ᠠ ᠣᠴᠢᠵᠤ ᠮᠣᠳᠣᠨ ᠭᠠᠳᠠᠰᠤ ᠦᠵᠦᠭᠦᠷᠯᠡᠴᠢᠬᠡᠬᠦ ᠬᠥᠮᠦᠨ ᠮᠤᠩᠳᠠᠮᠠᠷ ᠦᠭᠡᠢ ᠰᠠᠨ ᠳᠠ ᠂ ᠬᠥᠭᠡᠷᠦᠬᠦᠢ ᠭᠡᠳ ᠬᠠᠩᠭᠢᠨᠠᠲᠠᠯ᠎ᠠ ᠰᠠᠨᠠᠭ᠎ᠠ ᠠᠯᠳᠠᠲᠠᠯ᠎ᠠ《 ᠶᠠᠭ ᠯᠠ ᠲᠡᠢᠮᠦ ᠬᠥᠮᠦᠰ ᠳᠤᠲᠠᠭᠠᠳ ᠪᠠᠢᠨ᠎ᠠ》 ᠭᠡᠰᠡᠨ ᠰᠢᠭ ᠮᠥᠩᠭᠥᠨ ᠦ᠌ ᠠᠪᠳᠠᠷ᠎ᠠ ᠶ᠋ᠢᠨ ᠠᠯᠢ ᠲᠦᠷᠦᠭᠦᠦ ᠲᠦᠭᠵᠢᠶ᠎ᠡ ᠨᠢ ᠮᠤᠯᠲᠤᠷᠠᠭᠰᠠᠨ ᠯᠤᠵᠢᠷ ᠬᠠᠭᠠᠯᠭ᠎ᠠ ᠥᠪᠡᠷ ᠢ᠋ᠶ᠋ᠡᠨ ᠠᠯᠭᠤᠷᠬᠠᠨ ᠣᠩᠭᠣᠢᠪᠠ᠃ ᠬᠠᠷᠢᠨ ᠴᠡᠩᠬᠡᠷ ᠲᠣᠯᠣᠭᠠᠢᠲᠤ ᠠᠪᠳᠠᠷ᠎ᠠ ᠶᠠᠭᠠᠬᠢᠭᠠᠳ ᠥᠪᠡᠷ ᠢ᠋ᠶ᠋ᠡᠨ ᠣᠩᠭᠣᠢᠪᠠ? ᠭᠡᠰᠡᠨ ᠪᠣᠳᠣᠯ ᠣᠷᠣᠭᠰᠠᠨ ᠦᠭᠡᠢ᠂ ᠠᠯᠢᠪᠠ ᠪᠡᠯᠡᠨ ᠵᠠᠯᠠᠨ ᠳ᠋ᠤ᠌ ᠳᠠᠰᠤᠭᠰᠠᠨ ᠵᠠᠩ ᠢ᠋ᠶ᠋ᠠᠷ ᠢ᠋ᠶ᠋ᠠᠨ ᠮᠠᠨᠢ ᠬᠥᠮᠦᠨ ᠠᠪᠳᠠᠷ᠎ᠠ ᠪᠠᠨ ᠰᠤᠭᠤ ᠪᠠᠨ ᠲᠤᠯᠲᠠᠯ᠎ᠠ ᠰᠦᠢᠯᠡᠭᠰᠡᠨ ᠢ᠋ᠶ᠋ᠡᠨ ᠭᠠᠷ ᠲᠠᠭᠠᠨ ᠮᠥᠩᠭᠥ ᠲᠠᠭᠠᠷᠠᠯᠳᠤᠭᠰᠠᠨ ᠦᠭᠡᠢ ᠳ᠋ᠦ᠍ ᠭᠠᠢᠬᠠᠵᠤ ᠨᠠᠳᠠ ᠤᠷᠤᠭᠤ ᠨᠢᠳᠦ ᠪᠡᠨ ᠲᠣᠪ ᠳᠤᠭᠤᠷᠢᠭᠯᠠᠭᠠᠳ᠄
— ᠪᠢ ᠴᠢᠮ᠎ᠠ ᠳ᠋ᠤ᠌ ᠮᠥᠩᠭᠥ ᠶ᠋ᠢ ᠴᠢᠨᠢ ᠥᠭᠴᠢᠬᠡᠭᠰᠡᠨ ᠪᠠᠢᠬ᠎ᠠ ᠠ᠋ ᠭᠡᠬᠦ ᠨᠢ ᠲᠡᠷᠡ᠃ ᠨᠠᠳᠠ ᠳ᠋ᠤ᠌ ᠡᠪ ᠦᠭᠡᠢ ᠰᠣᠨᠢᠨ ᠰᠣᠪᠢᠩ ᠲᠠᠲᠠᠵᠤ᠄
— ᠦᠭᠡᠢ ᠰᠢᠦ᠂ ᠲᠠ ᠨᠠᠳᠠ ᠳ᠋ᠤ᠌ ᠮᠥᠩᠭᠥ ᠥᠭᠭᠦᠭᠡ ᠦᠭᠡᠢ ᠭᠡᠵᠦ ᠰᠠᠨᠳᠤᠷᠪᠠ᠃
— ᠲᠡᠭᠡᠭᠡᠳ ᠡᠨᠡ ᠠᠪᠳᠠᠷ᠎ᠠ ᠳ᠋ᠤ᠌ ᠰᠠᠶᠢᠬᠠᠨ ᠪᠠᠢᠭᠰᠠᠨ ᠮᠥᠩᠭᠥ ᠶ᠋ᠢ ᠬᠡᠨ ᠠᠪᠴᠢᠬᠠᠪᠠ? ᠭᠡᠳ ᠲᠡᠷᠡ ᠪᠣᠰᠤᠭᠠᠳ ᠢᠷᠡᠯ᠎ᠡ᠃ ᠪᠢ ᠳᠡᠮᠡᠢ ᠯᠡ᠄
— ᠡᠨᠳᠡ ᠵᠥᠪᠬᠡᠨ ᠲᠠ ᠪᠢᠳᠡ ᠬᠣᠶᠠᠷ ᠯᠠ ᠪᠠᠢᠭᠰᠠᠨ ᠳᠠ ᠭᠡᠪᠡ᠃ ᠲᠡᠷᠡ᠄
— ᠪᠢ ᠶᠠᠭᠤ ᠭᠡᠵᠦ ᠥᠪᠡᠷ ᠦ᠋ᠨ ᠢ᠋ᠶ᠋ᠡᠨ ᠮᠥᠩᠭᠥ ᠶ᠋ᠢ ᠬᠤᠯᠠᠭᠠᠢᠯᠠᠬᠤ ᠶᠤᠮ ᠪᠣᠢ? ᠭᠡᠰᠡᠨ ᠢ᠋ᠶ᠋ᠡᠨ ᠨᠢᠭᠡ ᠶ᠋ᠢ ᠰᠠᠨᠠᠵᠤ ᠭᠠᠢᠬᠠᠭᠰᠠᠨ ᠪᠠᠢᠳᠠᠯ ᠲᠠᠢ᠄
— ᠢᠩᠭᠢᠬᠦ ᠳ᠋ᠦ᠍ ᠠᠪᠳᠠᠷ᠎ᠠ ᠶᠠᠭᠠᠬᠢᠵᠤ ᠣᠩᠭᠣᠢᠭᠰᠠᠨ ᠪᠢᠯᠡ ᠬᠡᠮᠡᠪᠡ᠃
ᠪᠢ ᠳᠣᠲᠣᠷ᠎ᠠ ᠪᠠᠨ ᠭᠠᠢ ᠶ᠋ᠢᠨ ᠬᠡᠳᠦᠨ ᠲᠦᠭᠦᠷᠡᠭ ᠠᠪᠬᠤ ᠭᠡᠵᠦ ᠶᠠᠪᠤᠵᠤ ᠪᠠᠯᠠᠷᠠᠬᠤ ᠶᠤᠮ ᠪᠢᠰᠢ ᠪᠢᠵᠡ ᠭᠡᠵᠦ ᠪᠣᠳᠣᠩᠭᠠᠨ᠄
— ᠠᠪᠳᠠᠷ᠎ᠠ ᠥᠪᠡᠷ ᠢ᠋ᠶ᠋ᠡᠨ ᠣᠩᠭᠣᠢᠭᠰᠠᠨ ᠰᠢᠦ ᠳᠡ ᠭᠡᠵᠦ ᠪᠦᠯᠲᠡᠭᠡᠨᠡᠪᠡ᠃
— ᠶᠠᠭᠠᠬᠢᠭᠠᠳ ᠴᠣᠣᠵᠢ ᠲᠠᠢ ᠠᠪᠳᠠᠷ᠎ᠠ ᠠᠶᠠᠨᠳᠠᠭᠠᠨ ᠣᠩᠭᠣᠢᠪᠠ? ᠭᠡᠳ ᠲᠡᠷᠡ ᠨᠠᠮ᠎ᠠ ᠶ᠋ᠢ ᠤᠯᠠᠮ ᠰᠢᠷᠳᠡᠯ᠎ᠡ᠃ ᠮᠢᠨᠦ ᠪᠠᠢᠳᠠᠯ᠂ ᠬᠡᠯᠡᠬᠦ ᠦᠭᠡ ᠦᠭᠡᠢ ᠪᠣᠯᠤᠭᠠᠳ ᠬᠡᠷᠡᠭ ᠢ᠋ᠶ᠋ᠡᠨ ᠬᠦᠯᠢᠶᠡᠬᠦ ᠳ᠋ᠦ᠍ ᠲᠤᠯᠤᠭᠰᠠᠨ ᠬᠥᠮᠦᠨ ᠠᠳᠠᠯᠢ ᠪᠣᠯᠪᠠ᠃ ᠲᠡᠭᠡᠭᠡᠳ ᠬᠡᠢ ᠬᠡᠳᠦ ᠠᠩᠭᠠᠯᠵᠠᠭᠰᠠᠨ ᠢ᠋ᠶ᠋ᠠᠨ᠄
— ᠲᠠᠨ ᠢ᠋ ᠰᠠᠨᠠᠭ᠎ᠠ ᠠᠯᠳᠠᠬᠤ ᠳ᠋ᠤ᠌ ᠠᠪᠳᠠᠷ᠎ᠠ ᠥᠪᠡᠷ ᠢ᠋ᠶ᠋ᠡᠨ ᠣᠩᠭᠣᠢᠭᠰᠠᠨ ᠭᠡᠪᠡ᠃
— ᠤᠤᠬᠠᠢ᠂ ᠶᠡᠬᠡ ᠰᠣᠨᠢᠨ ᠬᠡᠷᠡᠭ ᠪᠠᠢᠨ᠎ᠠ᠂ ᠥᠪᠡᠷ ᠦ᠋ᠨ ᠢ᠋ᠶ᠋ᠡᠨ ᠲᠦᠯᠬᠢᠭᠦᠷ ᠢ᠋ᠶ᠋ᠡᠷ ᠣᠩᠭᠣᠢᠯᠭᠠᠭᠠ ᠦᠭᠡᠢ ᠠᠪᠳᠠᠷ᠎ᠠ ᠨᠠᠮ᠎ᠠ ᠶ᠋ᠢ ᠰᠠᠨᠠᠭ᠎ᠠ ᠠᠯᠳᠠᠬᠤ ᠳ᠋ᠤ᠌ ᠣᠩᠭᠣᠢᠭᠰᠠᠨ ᠬᠡᠷᠡᠭ ᠤᠤ? ᠪᠤᠵᠠᠭᠠᠢ ᠤᠬᠠᠭᠠᠨ ᠰᠡᠳᠬᠢᠯ ᠲᠡᠢ ᠠᠪᠳᠠᠷ᠎ᠠ ᠪᠠᠢᠬᠤ ᠨᠢ ᠠ᠋ ᠭᠡᠳ ᠲᠡᠷᠡ ᠨᠠᠮ᠎ᠠ ᠶ᠋ᠢ ᠲᠣᠭᠣᠷᠢᠵᠤ ᠰᠢᠨᠵᠢᠭᠰᠡᠨ ᠢ᠋ᠶ᠋ᠡᠨ ᠮᠢᠨᠦ ᠪᠠᠷᠢᠮᠵᠢᠶ᠎ᠠ ᠢᠲᠡᠭᠡᠯ ᠢ᠋ ᠠᠯᠳᠠᠭᠳᠠᠭᠤᠯᠤᠯᠠ᠃ ᠬᠠᠯᠠᠭᠤᠨ ᠠᠮᠢᠰᠬᠤᠭ᠎ᠠ ᠰᠢᠯᠢᠨ ᠬᠦᠵᠦᠭᠦᠦ ᠶ᠋ᠢ ᠮᠢᠨᠢ ᠰᠡᠷᠪᠡᠯᠵᠡᠭᠦᠯᠬᠦ ᠳ᠋ᠦ᠍ ᠪᠢ ᠡᠷᠭᠢᠵᠦ ᠬᠠᠷᠠᠵᠤ ᠵᠢᠷᠦᠬᠡᠯᠡᠭᠰᠡᠨ ᠦᠭᠡᠢ᠃ ᠠᠷᠤ ᠳ᠋ᠤ᠌ ᠫᠤᠤ ᠬᠢᠲᠤᠭ᠎ᠠ ᠬᠣᠶᠠᠷ ᠤ᠋ᠨ ᠠᠯᠢ ᠨᠢᠭᠡ ᠶ᠋ᠢ ᠲᠤᠯᠭᠠᠭᠰᠠᠨ ᠪᠠᠢᠵᠤ ᠪᠣᠯᠵᠣᠰᠢ ᠦᠭᠡᠢ ᠲᠤᠯᠠ ᠠᠶᠤᠭᠰᠠᠨ ᠳ᠋ᠠᠭᠠᠨ ᠴᠡᠴᠡᠷᠡᠵᠦ ᠬᠥᠳᠡᠯᠪᠡᠯ ᠴᠡᠩᠬᠡᠷ ᠫᠢᠩᠲ᠋ᠸᠦᠲᠦ ᠨᠠᠮ᠎ᠠ ᠶ᠋ᠢ ᠵᠢᠭᠤᠲᠠᠬᠤ ᠨᠢ ᠭᠡᠵᠦ ᠣᠢᠯᠠᠭᠠᠭᠠᠳ ᠤᠭᠤᠴᠠ ᠤᠷᠤᠭᠤ ᠪᠠᠯᠢᠤᠰᠤ ( ᠥᠷᠭᠡᠨ ᠢᠷ ᠲᠡᠢ ᠬᠢᠲᠤᠭ᠎ᠠ) ᠲᠥᠷᠥᠴᠢᠬᠡᠬᠦ ᠪᠣᠢ ᠭᠡᠰᠡᠨ ᠭᠠᠭᠴᠠᠬᠠᠨ ᠪᠣᠳᠣᠯ ᠲᠣᠯᠣᠭᠠᠢ ᠳ᠋ᠤ᠌ ᠦᠯᠡᠲᠡᠯ᠎ᠡ᠃
ᠲᠡᠭᠡᠲᠡᠯ᠎ᠡ ᠠᠷᠤ ᠳ᠋ᠤ᠌ ᠴᠡᠩᠬᠡᠷ ᠫᠢᠩᠲ᠋ᠸᠦᠲᠦ ᠭᠡᠨᠡᠳᠲᠡ《 ᠦ ᠵᠣᠯᠢᠭ》 ᠭᠡᠵᠦ ᠤᠤᠯᠭᠠᠯᠠᠪᠠ᠃ ᠫᠤᠤ ᠨᠢ ᠭᠠᠴᠠᠯᠠ ᠭᠡᠵᠦ ᠪᠣᠳᠣᠭᠠᠳ ᠵᠣᠷᠢᠭᠯᠠᠨ ᠡᠷᠭᠢᠵᠦ ᠬᠠᠷᠠᠪᠠᠯ ᠲᠡᠷᠡ ᠮᠠᠨᠢ ᠦᠨᠡᠨ ᠳ᠋ᠡᠭᠡᠨ ᠭᠠᠷ ᠮᠤᠬᠤᠷ ᠠᠮᠢᠲᠠᠨ ᠪᠠᠢᠵᠠᠢ᠃ ᠲᠡᠷᠡ ᠭᠠᠷ ᠢ᠋ᠶ᠋ᠠᠨ ᠮᠥᠷᠦᠨ ᠳᠡᠭᠡᠷ᠎ᠡ ᠮᠢᠨᠢ ᠲᠠᠯᠪᠢᠵᠤ ᠰᠤᠷᠮᠠᠭᠠᠢ ᠬᠠᠯᠠᠮᠵᠢᠯᠠᠭᠠᠳ᠄
— ᠪᠢ ᠥᠴᠥᠭᠡᠳᠦᠷ ᠪᠠᠩᠬᠢᠨ ᠠ᠋ᠴᠠ ᠮᠥᠩᠭᠥ ᠠᠪᠬᠤ ᠶᠣᠰᠣᠲᠠᠢ ᠪᠠᠢᠭᠰᠠᠨ ᠢ᠋ᠶ᠋ᠠᠨ ᠣᠳᠣ ᠰᠠᠨᠠᠯ᠎ᠠ᠂ ᠶᠣ ᠶᠣ ᠳᠣᠲᠣᠷ᠎ᠠ ᠣᠩᠭᠣᠢᠯᠠ ᠭᠡᠨ᠎ᠡ᠃
ᠮᠢᠨᠦ ᠴᠤ᠌ ᠳᠣᠲᠣᠷ᠎ᠠ ᠣᠩᠭᠣᠢᠵᠤ᠄
— ᠲᠠᠨ ᠤ᠋ ᠨᠢᠷᠪᠠ ᠪᠠᠢᠭ᠎ᠠ ᠦᠭᠡᠢ ᠦᠨᠡᠬᠡᠷ ᠮᠡᠳᠡᠭᠳᠡᠵᠦ ᠪᠠᠢᠨ᠎ᠠ ᠰᠢᠦ ᠭᠡᠵᠦ ᠪᠣᠳᠣᠭᠰᠠᠨ ᠢ᠋ᠶ᠋ᠠᠨ ᠬᠡᠯᠡᠪᠡᠯ ᠲᠡᠷᠡ ᠪᠠᠶᠠᠷᠯᠠᠨ᠄
— ᠦᠨᠡᠬᠡᠷ ᠮᠡᠳᠡᠭᠳᠡᠵᠦ ᠪᠠᠢᠭ᠎ᠠ ᠪᠢᠵᠡ ᠭᠡᠳ ᠬᠥᠬᠥᠷᠡᠭᠰᠡᠨ ᠢ᠋ᠶ᠋ᠡᠨ᠄
— ᠤᠭ ᠨᠢ ᠮᠡᠳᠡᠭᠳᠡᠬᠦ ᠯᠡ ᠶᠣᠰᠣᠲᠠᠢ ᠰᠠᠨ ᠭᠡᠳ ᠰᠠᠨᠠᠭ᠎ᠠ ᠠᠯᠲᠠᠨ ᠪᠠᠭ᠎ᠠ ᠵᠡᠷᠭᠡ ᠲᠠᠢᠪᠤᠰᠢᠷᠠᠭᠰᠠᠨ ᠶᠠᠩᠵᠤ ᠲᠠᠢ ᠬᠣᠴᠣᠷᠪᠠ᠃
- - - -
① ᠨᠢᠭᠡ ᠲᠦᠷᠦᠯ ᠤᠨ ᠬᠠᠯᠢᠮᠠᠭ ᠦᠰᠦ
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠳᠠᠪᠰᠢᠯᠲᠦ
ᠬᠢᠨᠠᠭ᠍ᠴᠢ : ᠲᠤᠭ᠍ᠴᠢ ᠰᠠᠷᠠᠨ᠎ᠠ
2023᠂ 10᠂ 8 ᠤ ᠡᠳᠦᠷ
