ᠲᠣᠷᠭᠠᠭᠤᠯᠤᠭᠰᠠᠨ ᠦᠨᠢᠶ᠎ᠡ - ᠵ ᠂ ᠳᠣᠷᠵᠢ Торгуулсан үнээ - З ᠂ Дорж ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠣᠷᠭᠠᠭᠤᠯᠤᠭᠰᠠᠨ ᠦᠨᠢᠶ᠎ᠡ - ᠵ ᠂ ᠳᠣᠷᠵᠢ Торгуулсан үнээ - З ᠂ Дорж

ᠲᠣᠷᠭᠠᠭᠤᠯᠤᠭᠰᠠᠨ ᠦᠨᠢᠶ᠎ᠡ - ᠵ ᠂ ᠳᠣᠷᠵᠢ Торгуулсан үнээ - З ᠂ Дорж

ᠠᠩᠭᠢᠯᠠᠯ:ᠬᠣᠱᠣᠩ ᠱᠣᠭ
2023-10-23

265

ᠲᠣᠷᠭᠠᠭᠤᠯᠤᠭᠰᠠᠨ ᠦᠨᠢᠶ᠎ᠡ


                   ᠵ ᠂ ᠳᠣᠷᠵᠢ
                         ( ᠱᠣᠭ ᠰᠢᠯᠦᠭ) 

 ᠲᠠᠷᠢᠶᠠᠨ ᠳ᠋ᠤ᠌ ᠣᠷᠣᠵᠤ ᠬᠣᠨᠣᠭᠰᠠᠨ
 ᠲᠠᠷᠭᠤᠨ ᠲᠤᠷᠠᠩᠬᠠᠢ ᠦᠨᠢᠶ᠎ᠡ ᠶ᠋ᠢ
 ᠥᠷᠥᠭᠡᠯ ᠲᠡᠢ ᠲᠤᠰᠢᠶ᠎ᠠ ᠲᠠᠢ ᠮᠣᠷᠢᠳ ᠊ᠢ
 ᠥᠨᠥ ᠡᠨᠳᠡ ᠲᠣᠷᠭᠠᠵᠤ ᠪᠠᠶ᠋ᠢᠨ᠎ᠠ᠃
 ᠤᠷᠲᠤ ᠨᠢᠲ‍ᠤᠷᠬ᠋᠎ᠠ ᠰᠠᠯᠪᠠᠨᠠᠭᠠᠭᠤᠯᠤᠭᠰᠠᠨ
 ᠤᠷᠢᠳᠤ ᠭᠣᠣᠯ ᠦ᠋ᠨ ᠳᠠᠮᠲ‍ᠢᠨ ᠬᠦᠦ ᠶ᠋ᠢᠨ
 ᠲᠠᠷᠢᠶᠠᠨ ᠳ᠋ᠤ᠌ ᠬᠣᠨᠣᠭᠰᠠᠨ ᠮᠣᠷᠢ ᠶ᠋ᠢ
 ᠲᠠᠪᠢᠨ ᠲᠥᠭᠥᠷᠢᠭ ᠶ᠋ᠢᠡᠷ《 ᠰᠢᠢᠤ‍ᠠᠬᠡᠯ᠎ᠡ》᠃
 ᠡᠮᠨᠡᠯᠭᠡ ᠶ᠋ᠢᠨ ᠭᠠᠯᠴᠢ ᠳᠤᠯᠮ᠎ᠠ ᠶ᠋ᠢᠨ
 ᠡᠷᠢᠶᠡᠭᠴᠢ ᠦᠨᠢᠶ᠎ᠡ ᠶ᠋ᠢ
 ᠳᠠᠪᠲᠠᠨ ᠦᠢᠯᠡᠳᠦᠭᠰᠡᠨ ᠬᠡᠷᠡᠭ ᠲᠡᠢ
 ᠳᠠᠯᠠᠨ ᠲᠠᠪᠤ ᠪᠠᠷ《 ᠪᠣᠯᠭᠠᠯ᠎ᠠ》᠃
 ᠪᠠᠷᠢᠯᠬ᠋᠎ᠠ ᠶ᠋ᠢᠨ ᠮᠤᠵᠢᠶᠠᠩ ᠨᠢᠮ᠎ᠠ ᠶ᠋ᠢᠨ
 ᠪᠠᠷᠠᠭᠠᠨ ᠬᠡᠭᠡᠷ ᠮᠣᠷᠢ ᠶ᠋ᠢ
 ᠲᠠᠷᠢᠶᠠᠨ ᠰᠠᠬᠢᠭᠤᠯ ᠬᠦᠦ ᠶ᠋ᠢᠨ
 ᠲᠠᠶ᠋ᠢᠯᠤᠨ ᠮᠡᠲ‍ᠡᠭᠡ ᠶ᠋ᠢ ᠦᠨᠲ‍ᠦᠰᠦᠯᠡᠵᠦ
 ᠳᠥᠷᠪᠡᠨ ᠬᠥᠯ ᠪᠦᠷᠢ ᠶ᠋ᠢ
 ᠳᠥᠴᠢ ᠳᠥᠴᠢᠨ ᠲᠥᠭᠥᠷᠢᠭ ᠶ᠋ᠢᠡᠷ
 ᠬᠣᠣᠷ ᠬᠥᠨᠥᠭᠡᠯᠲᠦ ᠠᠮᠢ ᠶ᠋ᠢ ᠨᠢ
 ᠬᠣᠶᠠᠷ ᠵᠠᠭᠤ ᠪᠠᠷ《 ᠳᠠᠩᠭᠢᠨᠠᠭᠤᠯᠤᠯ᠎᠎ᠡ》᠃
 ᠲᠣᠷᠭᠠᠵᠤ ᠪᠠᠶ᠋ᠢᠬᠤ ᠳ᠋ᠤ᠌ ᠦᠨᠢᠶᠡᠳ ᠦ᠋ᠳ
 ᠲᠣᠭᠣᠭᠰᠠᠨ ᠰᠢᠨᠵᠢ ᠦᠭᠡᠢ ᠰᠢᠪᠠᠭᠠᠯ᠎ᠠ᠃
 ᠶᠠᠯᠠᠯᠠᠵᠤ ᠪᠠᠶ᠋ᠢᠬᠤ ᠳ᠋ᠤ᠌ ᠮᠣᠷᠢᠳ ᠦ᠋ᠳ
 ᠢᠯᠠᠬ᠋᠎ᠠ ᠦᠷᠭᠦᠭᠡᠵᠦ ᠵᠣᠭᠰᠣᠨ᠎ᠠ᠃
 ᠡᠵᠡᠳ ᠨᠢ ᠬᠠᠷᠢᠨ ᠭᠠᠲ‍ᠠᠬ᠋᠎ᠠ
 ᠡᠯᠲ‍ᠡᠪ ᠮᠠᠷᠭᠤᠭᠠᠨ ᠡᠭᠦᠰᠭᠡᠵᠦ
 ᠰᠦᠷᠲᠡᠢ ᠲᠣᠷᠭᠠᠭᠤᠯᠢ ᠰᠣᠨᠣᠰᠤᠭᠰᠠᠨ ᠨᠢ
 ᠰᠡᠭᠦᠷᠡᠰᠦ ᠠᠯᠲᠠᠨ ᠭᠠᠰᠠᠯᠤᠨ᠎ᠠ᠃
 ᠬᠤᠤ‍ᠠᠲ‍ᠤᠭ ᠦ᠋ᠨ ᠮᠣᠲ᠋ᠣᠷᠴᠢ(1) ᠴᠠᠨᠳᠠ
 ᠬᠤᠷᠳᠤ ᠪᠠᠷ ᠶ᠋ᠢᠠᠨ ᠳᠠᠪᠬᠢᠵᠤ ᠢᠷᠡᠭᠡᠳ
 ᠨᠣᠮᠣᠬᠠᠨ ᠲᠣᠮᠣᠬ᠋᠎ᠠ ᠲᠠᠢ ᠦᠨᠢᠶ᠎ᠡ ᠶ᠋ᠢ ᠮᠢᠨᠢ
 ᠨᠣᠶ᠋ᠢᠷᠣᠨ ᠳᠤᠮᠳᠠ ᠨᠢ ᠳᠠᠭᠠᠭᠤᠯᠵᠤ
 ᠲᠠᠷᠢᠶᠠᠨ ᠤ ᠬᠡᠷᠡᠭ ᠲᠦ ᠣᠷᠣᠭᠤᠯᠤᠭᠰᠠᠨ
 ᠲᠡᠷᠯᠡᠨ ᠶᠠᠭᠠᠨ ᠪᠤᠬ᠎ᠠ ᠶ᠋ᠢ
 ᠲᠣᠭᠣᠬ᠋᠎ᠠ ᠬᠠᠲ‍ᠤᠮᠠᠷ ᠮᠠᠯ ᠭᠡᠵᠦ
 ᠲᠣᠮᠣ ᠲᠣᠮᠣ ᠬᠠᠷᠢᠶᠠᠨ᠎ᠠ᠃
 ᠥᠪᠡᠷ ᠦ᠋ᠨ ᠶ᠋ᠢᠡᠨ ᠬᠦᠷᠡᠩ ᠦᠨᠢᠶᠡᠨ ᠪ
 ᠥ ᠦᠭᠡᠢ ᠰᠠᠶ᠋ᠢᠬᠠᠨ ᠊ᠢ ᠮᠠᠭᠲᠠᠨ᠎ᠠ᠃
 ᠭᠡᠮ ᠨᠢ ᠬᠠᠷᠢᠨ ᠬᠦᠷᠡᠭᠴᠢ ᠨᠢ
 ᠭᠡᠲ‍ᠡᠰᠦᠨ ᠳ᠋ᠡᠬᠢ ᠪᠤᠲ‍ᠠᠬ᠋᠎ᠠ ᠪᠠᠨ ᠪᠠᠭᠲᠠᠭᠠᠬᠤ ᠦᠭᠡᠢ
 ᠬᠡᠪᠢᠵᠦ ᠨᠢᠴᠤᠯᠬ᠋᠎ᠠ ᠦᠭᠡᠢ ᠠᠷᠪᠠᠢ ᠶ᠋ᠢ 
 ᠬᠡᠪᠲᠡᠭᠡ ᠴᠢᠭ᠌ ᠶ᠋ᠢᠡᠷ ᠶ᠋ᠢᠡᠨ ᠴᠤᠪᠤᠭᠠᠭᠤᠯᠤᠨ᠎ᠠ
 ᠲᠣᠮᠣ ᠤᠯᠠᠭᠠᠨ ᠦᠨᠢᠶᠡᠨ ᠪ ᠯᠡ 
 ᠲᠣᠲ‍ᠣᠷᠬᠠᠢ ᠡᠵᠡᠨ ᠭᠠᠷᠲ‍ᠠᠭ ᠦᠭᠡᠢ
 ᠬᠡᠨ ᠪ ᠦᠨᠢᠶ᠎ᠡ ᠪᠣᠯᠬᠤ ᠶ᠋ᠢ 
 ᠬᠡᠯᠡᠬᠦ ᠬᠥᠮᠦᠨ ᠣᠯᠲ‍ᠠᠲ‍ᠠᠭ ᠦᠭᠡᠢ᠃ 
 ᠦᠨᠢᠶᠡᠨ ᠪ ᠵᠢᠰᠦ ᠪᠡᠷ ᠪᠢᠴᠢᠭᠡᠳ
 ᠦᠢᠯᠡᠳᠦᠭᠰᠡᠨ ᠬᠡᠷᠡᠭ ᠊ᠢ ᠨᠢ ᠵᠢᠭᠠᠭᠠᠳ 
 ᠰᠡᠭᠦᠯ ᠦ᠋ᠨ ᠲᠡᠮᠡᠭᠡᠨ ᠪ《 ᠠᠴᠢᠶ᠎ᠠ》 
 ᠰᠦᠷᠡᠬᠡᠢ《 ᠬᠦᠨᠲ‍ᠦᠬᠡᠨ》 ᠠᠪᠴᠢᠬᠠᠪᠠ
 ᠲᠠᠷᠢᠶᠠᠨ ᠳ᠋ᠤ᠌ ᠣᠷᠣᠭᠰᠠᠨ ᠮᠠᠯ ᠊ᠢ 
 ᠲᠠᠨᠢᠵᠤ ᠬᠥᠭᠡᠭᠡᠵᠦ ᠢᠷᠡᠭᠡᠳ 
 ᠡᠲ‍ᠦᠷ ᠪᠦᠷᠢ ᠢᠩᠭᠢᠵᠦ 
 ᠥᠨᠲ‍ᠥᠷ ᠲᠣᠷᠭᠠᠭᠤᠯᠢ ᠲᠠᠯᠪᠢᠪᠠᠯ 
 ᠮᠠᠨ ᠪ ᠨᠢᠭᠡᠲᠦᠯ ᠦ᠋ᠨ ᠣᠷᠣᠯᠬ᠋᠎ᠠ 
 ᠮᠠᠭᠠᠳ ᠲᠣᠩ ᠠᠬᠢᠨ᠎ᠠ ᠭᠡᠵᠦ 
 ᠱᠤᠸᠠᠮᠫᠠᠨ ᠪᠠᠷᠢᠬᠰᠠᠨ ᠨᠢᠪᠤ 
 ᠰᠠᠶ᠋ᠢᠬᠠᠨ ᠵᠠᠩ ᠲᠠᠢ ᠦᠭᠦᠯᠠᠨ᠎ᠡ᠃ 
 ᠮᠠᠯ ᠲᠠᠢ ᠬᠥᠮᠦᠨ ᠲᠡᠢ ᠨᠢ ᠰᠢᠢᠳᠬᠡᠭᠰᠡᠨ ᠳ᠋ᠡᠭᠡᠨ 
 ᠮᠠᠲ‍ᠠᠶ᠋ᠢᠵᠦ ᠵᠣᠭᠰᠣᠬ᠋᠎ᠠ ᠣᠷᠣᠯᠠᠭᠴᠢ 
 ᠤᠯᠠᠭᠴᠢ ᠦᠨᠢᠶᠡᠨ ᠪ ᠲᠣᠷᠭᠠᠭᠤᠯᠢ ᠶ᠋ᠢ 
 ᠤᠯᠠᠮ ᠨᠡᠮᠡᠬᠦ ᠶ᠋ᠢ ᠰᠠᠨᠠᠭᠤᠯᠤᠨ᠎ᠠ᠃ 
 ᠤᠷᠲᠤ ᠰᠡᠭᠦᠯ ᠶ᠋ᠢᠡᠨ ᠰᠢᠷᠪᠢᠬᠦ ᠳ᠋ᠤ᠌
 ᠤᠨᠠᠭᠰᠠᠨ ᠲᠠᠷᠢᠶ᠎ᠠ ᠶ᠋ᠢ ᠪᠠᠷᠣᠭᠴᠠᠭᠠᠯᠲ‍ᠦᠵᠦ 
 ᠬᠣᠶᠠᠷ ᠭᠠ ᠶ᠋ᠢ ᠳᠠᠷᠬᠠᠨ 
 ᠬᠣᠣᠷᠯᠠᠨ ᠰᠦᠢᠳᠬᠡᠭᠰᠡᠨ ᠭᠡᠵᠦ ᠲᠣᠭᠲᠠᠪᠠ᠃ 
 ᠰᠡᠯᠡᠮᠡᠨ ᠡᠪᠡᠷ ᠶ᠋ᠢᠡᠷ ᠶ᠋ᠢᠡᠨ ᠪᠠᠰᠠ 
 ᠰᠠᠵᠢᠵᠤ ᠲᠠᠷᠢᠶᠠᠯᠠᠩ ᠊ᠢ ᠬᠢᠷᠭᠠᠨ᠎ᠠ ᠭᠡᠵᠦ 
 ᠬᠡᠳᠦ ᠪᠡᠷ ᠡᠪᠡᠷ ᠊ᠢ ᠨᠢ ᠲᠣᠷᠭᠠᠬᠤ ᠪᠤᠢ ᠭᠡᠵᠦ 
 ᠬᠡᠯᠡᠯᠴᠡᠵᠦ ᠶᠠᠷᠢᠯᠴᠠᠵᠤ ᠵᠣᠭᠰᠣᠪᠠ᠃ 
 ᠲᠡᠭᠡᠲᠡᠯ᠎ᠡ ᠨᠢᠭᠡᠲ‍ᠦᠯ ᠦ᠋ᠨ ᠳᠠᠷᠤᠬ᠋᠎ᠠ 
 ᠲᠡᠲ‍ᠡᠨ ᠳᠡᠭᠡᠷ᠎ᠡ ᠬᠦᠷᠴᠦ ᠢᠷᠡᠭᠡᠳ 
 ᠲᠣᠷᠭᠠᠭᠤᠯᠢ ᠨᠢ ᠭᠡᠳᠦᠷᠡᠭᠰᠡᠨ ᠤᠯᠠᠭᠴᠢ ᠶ᠋ᠢ 
 ᠲᠣᠭᠣᠷᠢᠵᠤ ᠰᠠᠶ᠋ᠢᠨ ᠬᠠᠷᠠᠭᠰᠠᠨ ᠶ᠋ᠢᠠᠨ 
 ᠮᠠᠨ ᠪ ᠠᠬ᠎ᠠ ᠶ᠋ᠢᠨ ᠦᠨᠢᠶ᠎ᠡ ᠭᠡᠵᠦ 
 ᠮᠠᠭᠠᠤ‍ᠠᠯᠠᠵᠤ ᠲᠥᠪ ᠬᠠᠷᠢᠭᠤᠯᠬᠤ ᠳ᠋ᠤᠨᠢ 
 ᠲᠣᠷᠭᠠᠭᠤᠯᠢ ᠪᠢᠴᠢᠬᠦ ᠭᠡᠰᠡᠭ ᠦ᠋ᠨ ᠬᠢᠨ 
 ᠲᠣᠮᠣ ᠲᠣᠮᠣ ᠬᠠᠷᠠᠵᠠᠭᠠᠪᠠ᠃ 
 ᠠᠷᠪᠠᠨ ᠪᠤᠲ‍ᠠᠬ᠋᠎ᠠ ᠴᠤᠪᠤᠭᠤᠯᠬᠤ ᠶ᠋ᠢ ᠨᠢ 
 ᠠᠵᠢᠬᠯᠠᠵᠤ ᠬᠠᠷᠠᠬ᠋᠎ᠠ ᠦᠭᠡᠢ ᠶ‍ᠤᠮ ᠰᠢᠬ 
 ᠡᠨᠡ ᠴᠤ᠌ ᠤᠭ ᠨᠢ ᠣᠷᠣᠲ‍ᠠᠭ ᠦᠭᠡᠢ ᠶ‍ᠤᠮ ᠭᠡᠵᠦ 
 ᠡᠷᠭᠢᠭᠦᠯ ᠮᠠᠨᠠᠬ᠋᠎ᠠ ᠴᠠᠭᠠᠤ‍ᠠᠬᠠᠪᠠ 
 ᠬᠣᠶᠠᠷ ᠡᠪᠡᠷ ᠨᠢ ᠨᠠᠷᠢᠬᠠᠨ 
 ᠬᠣᠨᠲ‍ᠣᠯᠠᠢ ᠪᠥᠭᠰᠡ ᠨᠢ ᠥᠨᠲ‍ᠥᠷᠬᠡᠨ 
 ᠠᠷᠬ᠋᠎ᠠ ᠦᠭᠡᠢ ᠰᠦ᠋ ᠲᠡᠢ ᠦᠨᠢᠶ᠎ᠡ ᠭᠡᠵᠦ 
 ᠠᠬᠠᠯᠠᠬᠤ ᠨᠢᠪᠤ ᠰᠢᠨᠵᠢᠯᠡᠪᠡ᠃ 
 ᠳᠠᠯᠠᠩ ᠨᠢ ᠶᠡᠬᠡ ᠴᠢᠨᠦᠷᠡᠴᠢᠬᠡᠵᠡᠢ 
 ᠳᠡᠩᠲ‍ᠡᠪᠡᠯ ᠬᠠᠭᠠᠷᠠᠵᠤ ᠮᠡᠲ‍ᠡᠨ᠎ᠡ ᠭᠡᠵᠦ 
 ᠣᠷᠣᠯᠠᠭᠴᠢ ᠳᠠᠷᠤᠬ᠋᠎ᠠ ᠥᠪᠡᠷ ᠶ᠋ᠢᠡᠨ 
 ᠣᠴᠢᠵᠤ ᠵᠥᠭᠡᠯᠡᠨ ᠪᠣᠰᠬᠠᠪᠠ᠃ 
 ᠳᠠᠷᠤᠬ᠋᠎ᠠ ᠶ᠋ᠢᠨ ᠠᠬ᠎ᠠ ᠶ᠋ᠢᠨ ᠦᠨᠢᠶ᠎ᠡ ᠭᠡᠳᠡᠭ ᠶ᠋ᠢᠡᠨ 
 ᠳᠠᠭᠠᠮᠠᠭᠠᠢ ᠣᠶ᠋ᠢᠯᠠᠭᠠᠭᠰᠠᠨ ᠪᠣᠯᠤᠯᠲᠠᠢ 
 ᠠᠷᠪᠠᠢ ᠤᠯᠠᠭᠠᠨ ᠪᠤᠭᠤᠲ‍ᠠᠢ ᠶ᠋ᠢ 
 ᠠᠯᠬᠤᠨ ᠵᠣᠭᠰᠣᠨ ᠴᠤᠪᠤᠭᠤᠯᠤᠭᠰᠠᠭᠠᠷ 
 ᠲᠣᠮᠣ ᠳᠠᠯᠠᠩᠲᠤ ᠤᠯᠠᠭᠴᠢ 
 ᠲᠣᠷᠭᠠᠭᠤᠯᠢ ᠶ᠋ᠢᠨ ᠬᠠᠰᠢᠶᠠᠨ ᠡᠴᠡ ᠭᠠᠷᠤᠭᠠᠳ 
 ᠭᠡᠲ‍ᠡᠰᠦ ᠬᠡᠪᠡᠯᠢ ᠪᠡᠨ ᠳᠣᠯᠢᠶᠠᠭᠰᠠᠭᠠᠷ 
 ᠭᠡᠷ ᠦ᠋ᠨ ᠶ᠋ᠢᠡᠨ ᠵᠥᠭ ᠰᠠᠵᠢᠯᠠᠪᠠ᠃

- - - - 
(1) ᠬᠤᠳᠳᠤᠭ ᠤᠨ ᠮᠠᠰᠢᠨ ᠠᠰᠠᠭᠠᠭ᠍ᠴᠢ ᠠᠵᠢᠯᠲᠠᠨ
  
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

    ᠦᠰᠦᠭ ᠠᠮᠢᠯᠠᠭᠤᠯᠤᠭᠰᠠᠨ ᠨᠢ᠄   ᠲᠡᠭᠷᠢ ᠡᠵᠢ 
    ᠬᠢᠨᠠᠭ᠍ᠴᠢ :   ᠲᠤᠭ᠍ᠴᠢ ᠰᠠᠷᠠᠨ᠎ᠠ

             2023᠂ 9᠂ 22  ᠦᠨ ᠡᠳᠦᠷ