ᠪᠢᠴᠢᠬᠠᠨ ᠤᠨᠠᠭ᠎ᠠByatskhan unagaБяцхан унага
ᠪᠢᠴᠢᠬᠠᠨ ᠤᠨᠠᠭ᠎ᠠ
ᠡᠷᠲᠡ ᠴᠠᠭ ᠲᠤ᠌ ᠶᠤᠮ ᠰᠠᠨᠵᠠᠢ᠃ ᠨᠢᠭᠡᠨ ᠨᠤᠲᠤᠭ ᠲᠦᠮᠡᠨ ᠠᠳᠤᠭᠤᠨ ᠰᠦᠷᠦᠭ ᠲᠡᠢ ᠪᠠᠢᠵᠠᠢ ᠭᠡᠨ᠎ᠡ᠃ ᠨᠢᠭᠡᠳᠦᠭᠡᠷ ᠺᠣᠯᠢᠶᠠᠲ ᠤ᠋ᠨ ᠠᠯᠠᠭ ᠭᠡᠭᠦᠦ ᠡᠴᠡ ᠨᠢ ᠪᠢᠴᠢᠬᠠᠨ ᠵᠢᠵᠢᠭᠬᠡᠨ ᠠᠶᠠᠭ᠎ᠠ ᠰᠢᠭ᠋ ᠤᠨᠠᠭ᠎ᠠ ᠲᠥᠷᠥᠵᠡᠢ ᠭᠡᠨ᠎ᠡ᠃ ᠠᠳᠤᠭᠤᠨ ᠰᠦᠷᠦᠭ ᠪᠢᠴᠢᠬᠠᠨ ᠤᠨᠠᠭ᠎ᠠ ᠶ᠋ᠢ ᠥᠬᠥᠭᠡᠷᠳᠡᠨ ᠲᠡᠭᠦᠨ ᠳ᠋ᠦ᠍ ᠪᠠᠭᠠᠲᠤᠷᠯᠢᠭ ᠬᠣᠶᠠᠳᠤᠭᠠᠷ ᠺᠣᠯᠢᠶᠠᠲ ᠭᠡᠰᠡᠨ ᠨᠡᠷ᠎ᠡ ᠥᠭᠴᠦ ᠭᠡᠨ᠎ᠡ᠃ ᠲᠡᠭᠦᠨ ᠦ᠌ ᠠᠪᠤ ᠺᠣᠯᠢᠶᠠᠲ ᠠᠳᠤᠭᠤᠨ ᠰᠦᠷᠦᠭ ᠦ᠋ᠨ ᠠᠬᠠᠯᠠᠭᠴᠢ ᠪᠠᠭᠠᠲᠤᠷᠯᠢᠭ ᠨᠢᠭᠡᠨ ᠪᠠᠢᠯ᠎ᠠ ᠃ ᠰᠦᠷᠦᠭ ᠦ᠋ᠨ ᠬᠢᠨᠢ ᠨᠢᠭᠡᠳᠦᠭᠡᠷ ᠺᠣᠯᠢᠶᠠᠲ ᠤ᠋ᠨ ᠪᠢᠴᠢᠬᠠᠨ ᠤᠨᠠᠭ᠎ᠠ ᠳ᠋ᠤ᠌ ᠶᠡᠬᠡᠳᠡ ᠰᠠᠨᠠᠭ᠎ᠠ ᠵᠣᠪᠠᠵᠠᠭᠠᠵᠤ ᠰᠢᠪᠠᠷ ᠢᠪᠢᠷ ᠶᠠᠷᠢᠯᠴᠠᠵᠠᠭᠠᠬᠤ ᠪᠣᠯᠵᠤ ᠭᠡᠨ᠎ᠡ᠃ ᠤᠴᠢᠷ ᠨᠢ ᠲᠡᠷᠡ ᠪᠡᠷ ᠥᠪᠡᠷ ᠢ᠋ ᠪᠡᠨ ᠬᠠᠮᠠᠭᠠᠯᠠᠵᠤ ᠴᠢᠳᠠᠬᠤ ᠪᠠᠷ ᠦᠭᠡᠢ ᠵᠢᠵᠢᠭᠬᠡᠨ ᠪᠡᠶ᠎ᠡ ᠲᠡᠢ ᠶᠦᠮ᠃
ᠡᠵᠢ ᠨᠢ᠄ 《 ᠬᠦᠦ ᠮᠢᠨᠢ ! ᠴᠢ ᠡᠪᠡᠰᠦᠨ ᠡᠴᠡ ᠵᠢᠵᠢᠭᠬᠡᠨ ᠶᠦ᠍ᠮ ᠴᠢᠨᠢ ᠶᠠᠭ ᠮᠢᠨᠦ ᠰᠡᠭᠦᠳᠡᠷ ᠲᠦ᠍ ᠮᠢᠨᠢ ᠶᠠᠪᠤᠭᠠᠷᠠᠢ᠃ ᠨᠠᠳᠠ ᠠ᠋ᠴᠠ ᠬᠣᠯᠠᠳᠴᠤ ᠪᠣᠯᠬᠤ ᠦᠭᠡᠢ ᠰᠢᠦ! 》 ᠭᠡᠵᠦ ᠦᠷᠭᠦᠯᠵᠢ ᠵᠠᠬᠢᠳᠠᠭ ᠪᠠᠢᠯ᠎ᠠ ᠃
ᠤᠨᠠᠭ᠎ᠠ ᠄ 《 ᠪᠢ ᠮᠠᠰᠢ ᠵᠢᠵᠢᠭ ᠶᠠᠭᠤᠮ᠎ᠠ ᠪᠠᠢᠪᠠ ᠂ ᠣᠳᠣ ᠪᠠᠷᠤᠭ ᠠᠶᠠᠭ᠎ᠠ ᠲᠠᠢ ᠪᠠᠨ ᠳᠥᠩᠭᠡᠵᠦ ᠰᠠᠴᠠᠭᠤ ᠪᠠᠢᠭ᠎ᠠ ᠶᠤᠮ ᠪᠣᠯ ᠪᠢ ᠯᠤᠤ ᠳ᠋ᠤ᠌ ᠳᠣᠣᠷᠠᠬᠠᠨ ᠢ᠋ᠶ᠋ᠠᠨ ᠪᠠᠷᠢᠭᠳᠠᠨ᠎ᠠ 》 ᠭᠡᠵᠦ ᠥᠪᠡᠷᠲᠡᠭᠡᠨ ᠪᠠᠢᠩᠭᠤ ᠬᠡᠯᠡᠨ ᠰᠡᠷᠡᠮᠵᠢᠯᠡᠨ ᠶᠠᠪᠤᠳᠠᠭ ᠪᠠᠢᠯ᠎ᠠ ᠃
ᠪᠢᠴᠢᠬᠠᠨ ᠤᠨᠠᠭᠠᠨ ᠤ᠋ ᠲᠥᠷᠥᠭᠰᠡᠨ ᠲᠡᠷᠡ ᠭᠠᠵᠠᠷ ᠲᠤ᠌ ᠠᠭᠤᠷ ᠲᠠᠢ ᠲᠣᠭᠰᠢᠨ ᠂ ᠴᠠᠷᠴᠠᠬᠠᠢ ᠰᠢᠭ᠋ ᠨᠣᠭᠣᠭᠠᠨ᠂ ᠢᠷᠪᠢᠰ ᠰᠢᠭ ᠬᠤᠷᠳᠤᠨ᠂ ᠮᠤᠤᠷ ᠰᠢᠭ᠋ ᠨᠣᠭᠣᠭᠠᠨ ᠨᠢᠳᠦ ᠲᠡᠢ ᠠᠪᠤᠷᠭᠤ ᠲᠣᠮᠣ ᠯᠤᠤ ᠲᠡᠷᠲᠡᠭᠡᠬᠢ ᠠᠭᠤᠯᠠᠨ ᠳ᠋ᠤ᠌ ᠠᠮᠢᠳᠤᠷᠠᠳᠠᠭ ᠪᠠᠢᠵᠠᠢ ᠃
ᠨᠢᠭᠡᠨ ᠡᠳᠦᠷ ᠬᠣᠶᠠᠳᠤᠭᠠᠷ ᠺᠣᠯᠢᠶᠠᠲ ᠡᠷᠪᠡᠬᠡᠢ ᠬᠥᠭᠡᠭᠡᠨ ᠲᠣᠭᠯᠠᠵᠤ ᠪᠠᠢᠭᠠᠳ ᠰᠠᠨᠠᠭᠠᠨ ᠳ᠋ᠤ᠌ ᠦᠭᠡᠢ ᠨᠥᠭᠦᠭᠡ ᠣᠢ ᠳ᠋ᠤ᠌ ᠢᠷᠡᠭᠰᠡᠨ ᠢ᠋ᠶ᠋ᠡᠨ ᠭᠡᠨᠡᠳᠲᠡ ᠮᠡᠳᠡᠯ᠎ᠡ ᠃ ᠲᠡᠭᠡᠭᠡᠳ ᠪᠤᠴᠠᠬᠤ ᠭᠡᠲᠡᠯ᠎ᠡ ᠨᠥᠭᠦᠭᠡ ᠠᠶᠤᠮᠰᠢᠭ ᠤ᠋ᠨ ᠲᠣᠮᠣ ᠯᠤᠤ ᠲᠠᠢ ᠳᠠᠭᠠᠷᠠᠴᠢᠬᠠᠵᠠᠢ ᠭᠡᠨ᠎ᠡ᠃
ᠤᠨᠠᠭ᠎ᠠ ᠰᠣᠴᠢᠨ ᠠᠶᠤᠵᠤ ᠪᠠᠯᠠᠮᠠᠭᠳᠠᠨ ᠬᠠᠷ᠎ᠠ ᠬᠤᠷᠳᠤ ᠪᠠᠷ ᠢ᠋ᠶ᠋ᠠᠨ ᠳᠠᠪᠬᠢᠨ ᠶᠠᠪᠤᠬᠤ ᠳ᠋ᠤ᠌ ᠯᠤᠤ ᠤᠨᠠᠭ᠎ᠠ ᠲᠠᠢ ᠨᠢᠭᠡᠬᠡᠨ ᠠᠯᠲᠠ ᠶ᠋ᠢᠨ ᠵᠠᠢ ᠲᠠᠢ ᠨᠢᠰᠴᠦ ᠪᠠᠢᠯ᠎ᠠ ᠃ ᠡᠬᠡ ᠬᠣᠶᠠᠳᠤᠭᠠᠷ ᠺᠣᠯᠢᠶᠠᠲ ᠬᠣᠯᠠ ᠠ᠋ᠴᠠ ᠠᠶᠤᠮᠰᠢᠭ ᠤ᠋ᠨ ᠯᠤᠤ ᠪᠣᠯᠤᠨ ᠬᠣᠶᠠᠳᠤᠭᠠᠷ ᠺᠣᠯᠢᠶᠠᠲ ᠤ᠋ᠨ ᠡᠯᠳᠡᠨ ᠶᠠᠪᠤᠬᠤ ᠶ᠋ᠢ ᠬᠠᠷᠠᠭᠠᠳ ᠲᠡᠷᠡ ᠳᠠᠷᠤᠢ ᠠᠳᠤᠭᠤᠨ ᠰᠦᠷᠦᠭ (1) ᠳ᠋ᠦ᠍ ᠶᠠᠭᠠᠷᠠᠨ ᠮᠡᠳᠡᠭᠳᠡᠨ ᠳᠣᠪᠲᠣᠯᠭ᠎ᠠ ᠪᠠᠷ ᠶᠠᠪᠤᠯ᠎ᠠ᠃
ᠯᠤᠤ (2) ᠲᠡᠷᠡ ᠵᠠᠭᠤᠷ᠎ᠠ ᠤᠨᠠᠭ᠎ᠠ ᠶ᠋ᠢ ᠬᠥᠭᠡᠭᠡᠨ ᠡᠯᠳᠡᠨ 《ᠮᠣᠷᠢ᠂ ᠮᠣᠷᠢ ᠴᠢ ᠴᠦ᠍ ᠠᠵᠠ ᠦᠭᠡᠢ ᠤᠨᠠᠭ᠎ᠠ ᠰᠢᠦ! 》 ᠭᠡᠵᠦ ᠬᠡᠯᠡᠨ ᠪᠠᠷᠢᠵᠤ ᠠᠪᠬᠤ ᠭᠡᠲᠡᠯ᠎ᠡ ᠤᠨᠠᠭ᠎ᠠ ᠵᠣᠷᠢᠭᠲᠠᠢ ᠪᠠᠷ ᠄《ᠤᠨᠠᠭ᠎ᠠ ᠪᠢ ᠴᠦ᠍ ᠠᠵᠠ ᠲᠠᠢ ᠠᠪᠤ ᠡᠵᠢ ᠮᠢᠨᠢ᠂ ᠪᠠᠰᠠ ᠨᠠᠢᠵᠠ ᠨᠤᠭᠤᠳ ᠮᠢᠨᠢ ᠨᠠᠮ᠎ᠠ ᠶ᠋ᠢ ᠬᠠᠮᠠᠭᠠᠯᠠᠵᠤ ᠪᠠᠢᠭ᠎ᠠ ᠶ᠋ᠢ ᠴᠢ ᠴᠦ᠍ ᠣᠢᠯᠠᠭᠠᠬᠤ ᠦᠭᠡᠢ ᠪᠠᠢᠨ᠎ᠠ ᠳᠠ! 》 ᠭᠡᠵᠦ ᠬᠡᠯᠡᠭᠡᠳ ᠨᠠᠳᠠ ᠵᠠᠭᠤᠨ ᠬᠤᠪᠢ ᠢᠲᠡᠭᠡᠵᠦ ᠪᠣᠯᠤᠨ᠎ᠠ ᠰᠢᠦ ᠭᠡᠪᠡ᠃
ᠬᠠᠷᠢᠨ ᠡᠨᠡ ᠦᠭᠡ ᠶ᠋ᠢ ᠰᠣᠨᠣᠰᠤᠭᠠᠳ ᠯᠤᠤ ᠶ᠋ᠢᠨ ᠠᠭᠤᠷ ᠬᠦᠷᠴᠦ ᠬᠤᠷᠳᠤ ᠪᠠᠨ ᠨᠡᠮᠡᠨ ᠨᠢᠳᠦ ᠨᠢ ᠨᠣᠭᠣᠭᠠᠨ ᠪᠢᠰᠢ ᠤᠯᠠᠭᠠᠨ ᠪᠣᠯᠵᠤ ᠤᠨᠠᠭ᠎ᠠ ᠤᠷᠤᠭᠤ ᠣᠢᠷᠠᠳᠬᠤ ᠳ᠋ᠤ᠌ ᠲᠡᠷᠡ ᠬᠠᠪᠢ ᠶ᠋ᠢᠨ ᠪᠦᠬᠦ ᠠᠮᠢᠲᠠᠳ ᠤᠨᠠᠭ᠎ᠠ ᠶ᠋ᠢ ᠬᠠᠮᠠᠭᠠᠯᠠᠨ ᠬᠡᠷᠡᠮᠦ᠂ ᠲᠠᠤᠯᠠᠢ᠂ ᠪᠠᠭᠠᠪᠠᠭᠠᠢ᠂ ᠰᠢᠮᠠᠭᠤᠯ᠂ ᠠᠷᠰᠯᠠᠨ᠂ ᠪᠠᠷᠰ ᠵᠡᠷᠭᠡ ᠣᠢ ᠶ᠋ᠢᠨ ᠠᠮᠢᠲᠠᠳ ᠤᠷᠤᠯᠳᠤᠨ ᠯᠤᠤ ᠤᠷᠤᠭᠤ ᠪᠦᠭᠦᠳᠡ ᠰᠠᠮᠤᠷ ᠰᠢᠳᠡᠭᠡᠳ 《ᠴᠢ ᠣᠳᠣ ᠤᠨᠠᠭ᠎ᠠ ᠶ᠋ᠢ ᠠᠵᠠ ᠲᠠᠢ ᠭᠡᠳᠡᠭ ᠲᠦ᠍ ᠢᠳᠡᠭᠡ! 》ᠭᠡᠵᠦ ᠳᠣᠣᠷ᠎ᠠ ᠪᠦᠷᠢ ᠨᠢ ᠬᠡᠯᠡᠯ᠎ᠡ᠃ ᠡᠢᠨ ᠬᠦ᠌ ᠤᠨᠠᠭ᠎ᠠ ᠶ᠋ᠢ ᠬᠠᠮᠠᠭᠠᠯᠠᠨ ᠣᠢ ᠶ᠋ᠢᠨ ᠠᠮᠢᠲᠠᠳ ᠯᠤᠤ ᠤᠷᠤᠭᠤ ᠰᠠᠮᠤᠷ ᠰᠢᠳᠡᠵᠦ ᠪᠠᠢᠬᠤ ᠵᠠᠭᠤᠷ᠎ᠠ ᠠᠳᠤᠭᠤᠨ ᠰᠦᠷᠦᠭ ᠴᠦ᠍ ᠢᠷᠡᠵᠦ ᠯᠤᠤ ᠶ᠋ᠢ ᠣᠢ ᠤᠷᠤᠭᠤ ᠨᠢ ᠬᠥᠭᠡᠭᠡᠵᠦ ᠶᠠᠪᠤᠭᠤᠯᠤᠯ᠎ᠠ᠃
ᠢᠩᠭᠢᠭᠡᠳ (3) ᠣᠢ ᠶ᠋ᠢᠨ ᠴᠤᠭᠤᠷᠬᠠᠢ ᠳ᠋ᠤ᠌ ᠤᠨᠠᠭ᠎ᠠ ᠶ᠋ᠢ ᠠᠶᠤᠮᠰᠢᠭ ᠤ᠋ᠨ ᠮᠠᠭᠤᠬᠠᠢ ᠯᠤᠤ ᠠ᠋ᠴᠠ ᠬᠠᠮᠠᠭᠠᠯᠠᠭᠰᠠᠨ ᠢ᠋ ᠲᠡᠮᠳᠡᠭᠯᠡᠨ ᠶᠡᠬᠡ ᠨᠠᠢᠷ ᠬᠢᠵᠦ ᠴᠡᠩᠭᠡᠯ ᠪᠠᠶᠠᠷ ᠪᠣᠯᠤᠯ᠎ᠠ᠃
ᠬᠡᠦᠬᠡᠳ ᠠ᠋ ! ᠡᠨᠡ ᠦᠯᠢᠭᠡᠷ ᠡᠴᠡ ᠲᠠ ᠪᠦᠬᠦᠨ ᠨᠠᠢᠵᠠ ᠨᠥᠬᠥᠳ ᠲᠡᠢ ᠪᠡᠨ ᠡᠪᠲᠡᠢ ᠨᠠᠢᠷᠲᠠᠢ ᠪᠠᠢᠵᠤ ᠪᠦᠭᠦᠳᠡᠭᠡᠷ ᠢ᠋ᠶ᠋ᠡᠨ ᠨᠡᠢᠯᠡᠪᠡᠯ ᠶᠠᠮᠠᠷ ᠴᠤ᠌ ᠮᠠᠭᠤᠬᠠᠢ ᠠᠶᠤᠮᠰᠢᠭ ᠤ᠋ᠨ ᠠᠮᠢᠲᠠᠨ ᠢ᠋ ᠲᠠᠢᠯᠵᠤ ᠴᠢᠳᠠᠬᠤ ᠬᠦᠴᠦ ᠲᠡᠢ ᠭᠡᠳᠡᠭ ᠢ᠋ ᠣᠢᠯᠠᠭᠠᠵᠤ ᠠᠪᠤᠭᠠᠷᠠᠢ!
ᠲᠠᠢᠯᠪᠤᠷᠢ ᠄
ᠠᠳᠤᠭᠤᠨ ᠰᠦᠷᠦᠭ(1) — ᠦᠯᠢᠭᠡᠷ ᠲᠦ᠍ ᠮᠣᠷᠢᠳ᠂ ᠭᠡᠭᠦᠦ᠂ ᠤᠨᠠᠭ᠎ᠠ ᠵᠡᠷᠭᠡ ᠪᠦᠭᠦᠳᠡ ᠪᠠᠢᠬᠤ ᠤᠴᠢᠷ ᠠ᠋ᠴᠠ ᠦᠯᠢᠭᠡᠷ ᠤᠶᠠᠩᠭᠠᠯᠠᠭᠴᠢ ᠶ᠋ᠢᠨ 《 ᠮᠣᠷᠢᠨ ᠰᠦᠷᠦᠭ 》 ᠢ᠋ ᠠᠳᠤᠭᠤᠨ ᠰᠦᠷᠦᠭ ᠭᠡᠵᠦ ᠬᠠᠳᠠᠪᠠ ᠃
ᠦᠯᠢᠭᠡᠷ ᠲᠦ᠍ ᠳᠠᠪᠬᠤᠴᠠᠭᠰᠠᠨ ᠦᠭᠡ
ᠯᠤᠤ(2) — ᠬᠠᠷᠢᠨ ᠭᠡᠰᠡᠨ ᠢ᠋ ᠯᠤᠤ ᠭᠡᠵᠦ ᠬᠠᠳᠠᠪᠠ ᠃
ᠢᠩᠭᠢᠭᠡᠳ (3) — ᠡᠢᠨ ᠬᠦ ᠶ᠋ᠢ ᠢᠩᠭᠢᠭᠡᠳ ᠭᠡᠵᠦ ᠬᠠᠳᠠᠪᠠ᠃
ᠦᠰᠦᠭ ᠠᠮᠢᠯᠠᠭᠤᠯᠵᠤ ᠬᠠᠲᠠᠭᠰᠠᠨ ᠨᠢ᠄ ᠪᠦᠷᠢᠨᠴᠡᠴᠡᠭ
ᠬᠢᠨᠠᠭᠴᠢ᠄ ᠱᠤᠳᠤᠷᠭᠤ᠂ᠾᠦᠩ ᠸᠧᠢ᠂ᠳ · ᠪᠥᠬᠡᠴᠢᠯᠠᠭᠤ
