ᠠᠮᠠᠨᠴᠢᠷ ᠡᠬᠡᠨᠡᠷ-ᠬᠡᠦᠬᠡᠯᠳᠡᠢ ᠶ᠋ᠢᠨ ᠺᠢᠨᠣ᠋ Аманцар эхнэр-хүүхэлдэйн кино ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠮᠠᠨᠴᠢᠷ ᠡᠬᠡᠨᠡᠷ-ᠬᠡᠦᠬᠡᠯᠳᠡᠢ ᠶ᠋ᠢᠨ ᠺᠢᠨᠣ᠋ Аманцар эхнэр-хүүхэлдэйн кино

ᠠᠮᠠᠨᠴᠢᠷ ᠡᠬᠡᠨᠡᠷ-ᠬᠡᠦᠬᠡᠯᠳᠡᠢ ᠶ᠋ᠢᠨ ᠺᠢᠨᠣ᠋ Аманцар эхнэр-хүүхэлдэйн кино

2022-03-10

434

ᠠᠮᠠᠨᠴᠢᠷ ᠡᠬᠡᠨᠡᠷ-ᠬᠡᠦᠬᠡᠯᠳᠡᠢ ᠶ᠋ᠢᠨ ᠺᠢᠨᠣ᠋ 


ᠡᠷᠲᠡ ᠤᠷᠢᠳᠤ ᠶ᠋ᠢᠨ ᠴᠠᠭ ᠲᠤ᠌ ᠡᠨᠡ ᠶᠠᠪᠤᠳᠠᠯ ᠪᠣᠯᠤᠭᠰᠠᠨ ᠶᠤᠮ᠃ ᠵᠠᠳᠠᠭᠠᠢ ᠠᠮᠠ ᠲᠠᠢ ᠪᠠᠷ ᠢ᠋ᠶ᠋ᠠᠨ ᠵᠠᠷ ᠲᠤ᠌ ᠭᠠᠷᠤᠭᠰᠠᠨ ᠵᠠᠯᠬᠠᠭᠤ ᠡᠬᠡᠨᠡᠷ ᠲᠡᠢ ᠡᠷ᠎ᠡ ᠪᠠᠢᠵᠠᠢ ᠭᠡᠨ᠎ᠡ᠃ ᠵᠠᠯᠬᠠᠭᠤ ᠲᠡᠷᠡ ᠡᠬᠡᠨᠡᠷ ᠨᠢ ᠦᠵᠡᠭᠰᠡᠨ ᠲᠡᠭᠦᠭᠰᠡᠨ ᠢ᠋ᠶ᠋ᠡᠨ ᠦᠭᠡ ᠴᠦ᠍ ᠣᠷᠭᠢᠯ ᠦᠭᠡᠢ ᠠᠢᠯ ᠬᠣᠲᠠᠨ ᠤ᠋ ᠬᠢᠨ ᠳ᠋ᠦ᠍ ᠪᠡᠨ ᠠᠮᠠ ᠮᠡᠳᠡᠨ ᠪᠤᠷᠠᠵᠤ ᠭᠠᠷᠳᠠᠭ ᠪᠠᠢᠯ᠎ᠠ᠃ ᠠᠮᠠᠨᠴᠢᠷ ᠡᠬᠡᠨᠡᠷ ᠡᠴᠡ ᠪᠡᠨ ᠪᠣᠯᠵᠤ ᠡᠷ᠎ᠡ ᠨᠥᠬᠥᠷ ᠨᠢ ᠶᠡᠬᠡᠳᠡ ᠵᠣᠪᠠᠳᠠᠭ ᠪᠠᠢᠵᠠᠢ ᠭᠡᠨ᠎ᠡ ᠯᠡ ᠳᠡ᠃

ᠨᠢᠭᠡ ᠤᠳᠠᠭ᠎ᠠ ᠨᠥᠬᠥᠷ ᠨᠢ ᠴᠢᠨᠣ᠎ᠠ ᠶ᠋ᠢᠨ ᠡᠭᠦᠷ ᠣᠩᠭᠢᠴᠢᠵᠤ ᠪᠠᠢᠭᠠᠳ ᠮᠠᠰᠢ ᠶᠡᠬᠡ ᠠᠯᠲᠠ ᠮᠥᠩᠭᠥ ᠣᠯᠵᠠᠢ᠃ ᠲᠡᠭᠡᠭᠡᠳ ᠠᠯᠲᠠ ᠮᠥᠩᠭᠥ ᠪᠡᠨ ᠭᠡᠷ ᠲᠦ᠍ ᠪᠡᠨ ᠠᠪᠴᠤ ᠬᠠᠷᠢᠬᠤ ᠭᠡᠰᠡᠨ ᠢ᠋ᠶ᠋ᠡᠨ ᠵᠠ ᠪᠠᠢᠵᠠ᠂ ᠠ᠋ — ᠡᠨᠡ ᠲᠤᠬᠠᠢ ᠡᠬᠡᠨᠡᠷ ᠮᠢᠨᠢ ᠮᠡᠳᠡᠪᠡᠯ ᠨᠤᠲᠤᠭ ᠤᠰᠤᠨ ᠤ᠋ ᠬᠥᠮᠦᠰ ᠲᠦ᠍ ᠨᠢᠭᠤᠴᠠ ᠶ᠋ᠢ ᠳᠡᠯᠭᠡᠵᠦ ᠮᠠᠭᠠᠳ᠃ ᠵᠠ ᠲᠡᠭᠡᠭᠡᠳ ᠡᠵᠡᠨ ᠨᠣᠶᠠᠨ ᠮᠡᠳᠡᠬᠦ ᠶᠤᠮ ᠪᠣᠯ ᠠᠯᠲᠠ ᠮᠥᠩᠭᠥ ᠶ᠋ᠢ ᠮᠢᠨᠢ ᠪᠦᠭᠦᠳᠡ ᠶ᠋ᠢ ᠨᠢ ᠪᠤᠯᠢᠶᠠᠭᠠᠳ ᠬᠥᠭᠡᠷᠦᠬᠦᠢ ᠪᠢ ᠯᠡ ᠬᠣᠭᠣᠰᠣᠨ ᠬᠣᠴᠣᠷᠬᠤ ᠪᠠᠢᠬᠤ ᠳᠠ ᠭᠡᠵᠦ ᠪᠣᠳᠣᠯ᠎ᠠ᠃ ᠲᠡᠭᠡᠭᠰᠡᠨ ᠢ᠋ᠶ᠋ᠡᠨ ᠨᠢᠭᠡ ᠰᠠᠶᠢᠬᠠᠨ ᠠᠷᠭ᠎ᠠ ᠣᠯᠵᠠᠢ᠃ ᠣᠯᠤᠭᠰᠠᠨ ᠠᠯᠲᠠ ᠮᠥᠩᠭᠥ ᠪᠡᠨ ᠲᠡᠨᠳᠡ ᠪᠡᠨ ᠪᠤᠯᠠᠵᠤ ᠣᠷᠬᠢᠭᠠᠳ᠂ ᠭᠡᠷ ᠦ᠋ᠨ ᠵᠦᠭ ᠶᠠᠪᠤᠯ᠎ᠠ᠃ ᠵᠠᠮ ᠳ᠋ᠤ᠌ ᠪᠠᠨ ᠭᠣᠣᠯ ᠳᠡᠭᠡᠷ᠎ᠡ ᠣᠴᠢᠵᠤ ᠦᠵᠡᠪᠡᠯ ᠲᠣᠣᠷ ᠲᠤ᠌ ᠲᠣᠮᠣ ᠭᠡᠭᠴᠢ ᠴᠤᠷᠬᠠᠢ ᠵᠢᠭᠠᠰᠤ ᠣᠷᠣᠴᠢᠬᠠᠭᠰᠠᠨ ᠪᠠᠢᠯ᠎ᠠ᠃ ᠴᠤᠷᠬᠠᠢ ᠵᠢᠭᠠᠰᠤ ᠪᠠᠨ ᠠᠪᠤᠭᠠᠳ ᠴᠠᠭᠠᠰᠢ ᠣᠢ ᠳ᠋ᠤ᠌ ᠣᠴᠢᠵᠤ ᠵᠡᠭᠦᠭᠰᠡᠨ ᠬᠠᠪᠬ᠎ᠠ ᠪᠠᠨ ᠡᠷᠭᠢᠵᠦ ᠣᠴᠢᠲᠠᠯ᠎ᠠ ᠲᠠᠤᠯᠠᠢ ᠣᠷᠣᠴᠢᠬᠠᠭᠰᠠᠨ ᠪᠠᠢᠵᠠᠢ᠃ ᠵᠠᠯᠠᠭᠤ ᠴᠤ᠌ ᠲᠠᠤᠯᠠᠢ ᠶ᠋ᠢᠨ ᠬᠠᠪᠬᠠᠨ ᠳ᠋ᠤ᠌ ᠴᠤᠷᠬᠠᠢ ᠵᠢᠭᠠᠰᠤ ᠪᠠᠨ ᠵᠡᠭᠦᠵᠦ ᠣᠷᠬᠢᠭᠠᠳ ᠪᠤᠴᠠᠵᠤ ᠭᠣᠣᠯ ᠳᠡᠭᠡᠷ᠎ᠡ ᠣᠴᠢᠨ ᠲᠣᠣᠷ ᠲᠤ᠌ ᠪᠠᠨ ᠥᠨᠥᠬᠢ ᠪᠥᠵᠥᠩ ᠢ᠋ ᠬᠢᠴᠢᠬᠡᠭᠡᠳ ᠭᠡᠷ ᠦ᠋ᠨ ᠵᠦᠭ ᠶᠠᠪᠤᠯ᠎ᠠ᠃ ᠢᠩᠭᠢᠭᠡᠳ ᠭᠡᠷ ᠲᠦ᠍ ᠪᠡᠨ ᠢᠷᠡᠭᠡᠳ ᠡᠬᠡᠨᠡᠷ ᠲᠦ᠍ ᠪᠡᠨ ᠬᠡᠯᠡᠵᠦ ᠭᠡᠨ᠎ᠡ᠃ ᠵᠠ᠂ ᠴᠠᠭ ᠠᠯᠳᠠᠯ ᠦᠭᠡᠢ ᠫᠢᠰᠢᠩ ᠢ᠋ᠶ᠋ᠡᠨ ᠭᠠᠯᠯᠠᠭᠠᠳ ᠴᠠᠭᠠᠷᠢᠭ ᠤ᠋ᠨ ᠪᠣᠣᠪᠣ ᠬᠢᠭᠡᠳ ᠣᠷᠭᠢ᠂ ᠤᠴᠢᠷ ᠶᠠᠪᠤᠳᠠᠯ ᠢ᠋ ᠨᠢ ᠪᠢᠲᠡᠭᠡᠢ ᠠᠰᠠᠭᠤ᠂ ᠡᠷ᠎ᠡ ᠨᠥᠬᠥᠷ ᠴᠢᠨᠢ ᠥᠨᠥᠳᠥᠷ ᠶᠡᠬᠡ ᠬᠡᠮᠵᠢᠶᠡᠨ ᠦ᠌ ᠠᠯᠲᠠ ᠣᠯᠤᠭᠰᠠᠨ᠂ ᠣᠷᠣᠢ ᠪᠦᠷᠦᠩᠬᠦᠢ ᠪᠣᠯᠬᠤ ᠪᠠᠷ ᠣᠢ ᠤᠷᠤᠭᠤ ᠣᠴᠢᠵᠤ ᠠᠪᠴᠠᠭᠠᠶ᠎ᠠ ᠭᠡᠯ᠎ᠡ᠃ ᠡᠬᠡᠨᠡᠷ ᠨᠢ ᠴᠦ᠍ ᠪᠥᠭᠡᠮ ᠪᠠᠶᠠᠷ ᠪᠣᠯᠵᠤ ᠫᠢᠰᠢᠩ ᠢ᠋ᠶ᠋ᠡᠨ ᠭᠠᠯᠯᠠᠭᠠᠳ ᠲᠣᠮᠣ ᠲᠣᠮᠣ ᠴᠠᠭᠠᠷᠢᠭ ᠤ᠋ᠨ ᠪᠣᠣᠪᠣ ᠬᠠᠭᠠᠷᠢᠵᠤ ᠡᠬᠢᠯᠡᠯ᠎ᠡ᠃ ᠬᠠᠷᠢᠨ ᠡᠷ᠎ᠡ ᠨᠥᠬᠥᠷ ᠨᠢ ᠲᠣᠮᠣᠬᠠᠨ ᠤᠭᠤᠲᠠ ᠣᠯᠵᠤ ᠠᠪᠤᠭᠠᠳ ᠴᠠᠭᠠᠷᠢᠭ ᠤ᠋ᠨ ᠪᠣᠣᠪᠣ ᠠ᠋ᠴᠠ ᠪᠠᠨ ᠨᠢᠭᠤᠴᠠ ᠪᠠᠷ ᠨᠡᠯᠢᠶᠡᠳ ᠢ᠋ ᠰᠢᠭᠤᠳᠠᠢᠯᠠᠵᠤ ᠠᠪᠤᠯ᠎ᠠ᠃ ᠦᠳᠡᠰᠢ ᠶ᠋ᠢᠨ ᠪᠦᠷᠦᠩᠬᠦᠢ ᠪᠣᠯᠵᠤ ᠡᠬᠡᠨᠡᠷ ᠨᠥᠬᠥᠷ ᠬᠣᠶᠠᠷ ᠨᠢᠭᠤᠭᠰᠠᠨ ᠠᠯᠲᠠ ᠡᠷᠳᠡᠨᠢᠰ ᠢ᠋ᠶ᠋ᠡᠨ ᠠᠪᠬᠤ ᠪᠠᠷ ᠣᠢ ᠤᠷᠤᠭᠤ ᠶᠠᠪᠤᠯ᠎ᠠ᠃ ᠨᠥᠬᠥᠷ ᠨᠢ ᠤᠷᠢᠳᠠ ᠨᠢ ᠣᠷᠣᠨ ᠵᠠᠮᠴᠢᠯᠠᠵᠤ ᠶᠠᠪᠤᠩᠭᠠᠨ ᠴᠠᠭᠠᠷᠢᠭ ᠤ᠋ᠨ ᠪᠣᠣᠪᠣ ᠠ᠋ᠴᠠ ᠪᠠᠨ ᠮᠣᠳᠣᠨ ᠤ᠋ ᠮᠥᠴᠢᠷ ᠲᠦ᠍ ᠡᠯᠭᠦᠭᠡᠳ ᠪᠠᠢᠵᠠᠢ᠃ ᠬᠣᠢᠨ᠎ᠠ ᠨᠢ ᠶᠠᠪᠤᠭᠰᠠᠨ ᠡᠬᠡᠨᠡᠷ ᠮᠣᠳᠣᠨ ᠤ᠋ ᠮᠥᠴᠢᠷ ᠲᠦ᠍ ᠡᠯᠭᠦᠭᠡᠲᠡᠢ ᠴᠠᠭᠠᠷᠢᠭ ᠤ᠋ᠨ ᠪᠣᠣᠪᠣ ᠶ᠋ᠢ ᠬᠠᠷᠠᠭᠠᠳ ᠶᠡᠬᠡᠳᠡ ᠭᠠᠢᠬᠠᠨ ᠭᠦᠰᠢ ᠠ᠋ ᠡᠷ᠎ᠡ ᠨᠥᠬᠥᠷ ᠮᠢᠨᠢ ᠬᠠᠷᠠᠭᠠᠴᠢ ᠠ᠋ ! ᠡᠨᠳᠡ ᠲᠡᠨᠳᠡ ᠦᠭᠡᠢ ᠴᠠᠭᠠᠷᠢᠭ ᠤ᠋ᠨ ᠪᠣᠣᠪᠣ ᠡᠯᠭᠦᠭᠡᠲᠡᠢ ᠪᠠᠢᠬᠤ ᠴᠢᠨᠢ᠂ ᠣᠢ ᠮᠣᠳᠣᠨ ᠠ᠋ᠴᠠ ᠠᠮᠲᠠᠲᠠᠢ ᠪᠣᠣᠪᠣ ᠤᠷᠭᠤᠳᠠᠭ ᠪᠣᠯᠤᠭ᠎ᠠ ᠤᠤ ᠭᠡᠵᠦ ᠠᠰᠠᠭᠤᠵᠠᠢ᠃ ᠨᠥᠬᠥᠷ ᠨᠢ ᠴᠢ ᠴᠢᠨᠢ ᠮᠡᠳᠡᠭᠡ ᠦᠭᠡᠢ ᠬᠡᠷᠡᠭ ᠤᠤ᠂ ᠥᠨᠥᠳᠥᠷ ᠦᠳᠡ ᠶ᠋ᠢᠨ ᠠᠯᠲᠠ ᠳ᠋ᠤ᠌ ᠡᠭᠦᠯᠡᠨ ᠡᠴᠡ ᠪᠣᠷᠣᠭ᠎ᠠ ᠪᠢᠰᠢ ᠪᠣᠣᠪᠣ ᠣᠷᠣᠭᠠᠳ ᠮᠣᠳᠣ ᠪᠦᠬᠦᠨ ᠦ᠌ ᠮᠥᠴᠢᠷ ᠲᠦ᠍ ᠮᠣᠯᠴᠣᠭᠯᠠᠨ ᠵᠡᠭᠦᠭᠳᠡᠭᠰᠡᠨ ᠰᠢᠦ ᠳᠡ ᠭᠡᠵᠦ ᠬᠡᠯᠡᠭᠡᠳ ᠬᠢ ᠬᠢ ᠡᠷ᠎ᠡ ᠨᠥᠬᠥᠷ ᠨᠢ ᠢᠨᠢᠶᠡᠮᠰᠦᠭᠯᠡᠨ ᠴᠠᠭᠠᠰᠢ ᠶᠠᠪᠤᠯ᠎ᠠ᠃ ᠭᠠᠢᠬᠠᠭᠰᠠᠨ ᠡᠬᠡᠨᠡᠷ ᠲᠩᠷᠢ ᠥᠭᠡᠳᠡ ᠥᠯᠢᠢᠵᠦ ᠬᠠᠷᠠᠭᠠᠳ ᠭᠠᠷ ᠬᠥᠯ ᠢ᠋ᠶ᠋ᠡᠨ ᠰᠠᠪᠠᠴᠢᠭᠤᠯᠤᠨ ᠠᠢ ! ᠪᠤᠰᠢᠭᠤᠬᠠᠨ ᠬᠠᠷᠢᠬᠤ ᠶᠤᠮ ᠰᠠᠨ᠂ ᠠᠢᠯ ᠬᠣᠲᠠᠨ ᠤ᠋ ᠬᠢᠨ ᠳ᠋ᠦ᠍ ᠪᠡᠨ ᠬᠡᠯᠡᠬᠦ ᠶᠤᠮ ᠰᠠᠨ ᠭᠡᠭᠰᠡᠭᠡᠷ ᠴᠠᠭᠠᠰᠢ ᠲᠡᠮᠲᠡᠴᠢᠨ ᠪᠦᠳᠦᠴᠢᠨ ᠶᠠᠪᠤᠯ᠎ᠠ᠃ ᠢᠩᠭᠢᠭᠡᠳ ᠡᠬᠡᠨᠡᠷ ᠨᠥᠬᠥᠷ ᠬᠣᠶᠠᠷ ᠴᠠᠭᠠᠰᠢ ᠶᠠᠪᠤᠭᠰᠠᠭᠠᠷ ᠠᠩᠬᠠᠨ ᠤ᠋ ᠲᠡᠷᠡ ᠵᠡᠭᠦᠭᠰᠡᠨ ᠬᠠᠪᠬᠠᠨ ᠳᠡᠭᠡᠷ᠎ᠡ ᠪᠡᠨ ᠢᠷᠡᠯ᠎ᠡ᠃ ᠬᠠᠪᠬᠠᠨ ᠳ᠋ᠤ᠌ ᠣᠷᠣᠭᠰᠠᠨ ᠴᠤᠷᠬᠠᠢ ᠶ᠋ᠢ ᠬᠠᠷᠠᠭᠠᠳ ᠡᠬᠡᠨᠡᠷ ᠨᠢ ᠪᠠᠰᠠ ᠯᠠ ᠭᠠᠢᠬᠠᠨ ᠬᠠᠴᠢᠨ ᠶᠤᠮ ᠳᠠ ! ᠬᠠᠷᠠᠭᠰᠠᠭᠠᠷ ᠪᠠᠢᠲᠠᠯ᠎ᠠ ᠬᠠᠭᠤᠷᠠᠢ ᠭᠠᠵᠠᠷ ᠵᠡᠭᠦᠭᠰᠡᠨ ᠬᠠᠪᠬᠠᠨ ᠳ᠋ᠤ᠌ ᠬᠤᠷ᠎ᠠ ᠤᠰᠤᠨ ᠤ᠋ ᠴᠤᠷᠬᠠᠢ ᠣᠷᠣᠴᠢᠬᠠᠭᠰᠠᠨ ᠪᠠᠢᠬᠤ ᠶᠤᠮ ᠳᠠ ! ᠭᠡᠬᠦ ᠳ᠋ᠦ᠍ ᠨᠥᠬᠥᠷ ᠨᠢ ᠭᠠᠷᠠᠭ ᠶᠢᠷᠲᠢᠨᠴᠦ ᠠᠭᠤᠳᠠᠮ ᠶᠤᠮ ᠬᠣᠢᠨ᠎ᠠ ᠭᠠᠵᠠᠷ ᠢ᠋ᠶ᠋ᠠᠷ ᠶᠠᠪᠤᠳᠠᠭ ᠴᠤᠷᠬᠠᠢ ᠪᠠᠢᠳᠠᠭ ᠯᠠ ᠪᠠᠢᠯᠭᠦᠢ ᠳᠡ ᠭᠡᠴᠢᠬᠡᠭᠡᠳ ᠴᠠᠭᠠᠰᠢ ᠬᠥᠲᠥᠯᠦᠨ ᠶᠠᠪᠤᠯ᠎ᠠ᠃ ᠭᠠᠢᠬᠠᠭᠰᠠᠨ ᠡᠬᠡᠨᠡᠷ ᠨᠢ ᠪᠠᠰᠠ ᠯᠠ ᠠᠢ ! ᠪᠤᠰᠢᠭᠤᠬᠠᠨ ᠬᠠᠷᠢᠬᠤ ᠶᠤᠮ ᠰᠠᠨ ᠳᠠ᠂ ᠠᠢᠯ ᠬᠣᠲᠠᠨ ᠤ᠋ ᠬᠢᠨ ᠳ᠋ᠦ᠍ ᠪᠡᠨ ᠬᠡᠯᠡᠬᠦ ᠶᠤᠮ ᠰᠠᠨ ᠭᠡᠭᠰᠡᠭᠡᠷ ᠤᠷᠠᠬ᠎ᠠ ᠲᠠᠯᠪᠢᠭᠰᠠᠨ ᠤᠷᠤᠰᠬᠠᠯ ᠭᠣᠣᠯ ᠳᠡᠭᠡᠷ᠎ᠡ ᠣᠴᠢᠯ᠎ᠠ᠃ ᠲᠣᠣᠷ ᠲᠤ᠌ ᠣᠷᠣᠭᠰᠠᠨ ᠣᠯᠵᠠ ᠶ᠋ᠢ ᠬᠠᠷᠠᠭᠠᠳ ᠡᠬᠡᠨᠡᠷ ᠨᠢ ᠤᠤᠯᠭᠠᠯᠠᠨ ᠶᠧ ! ᠡᠪᠦᠭᠡᠨ ᠮᠢᠨᠢ ᠥᠨᠥᠳᠥᠷ ᠶᠠᠭᠤ ᠪᠣᠯᠤᠭᠠᠳ ᠪᠠᠢᠨ᠎ᠠ᠂ ᠲᠣᠮᠣᠵᠤ ᠬᠢᠭᠰᠡᠨ ᠲᠣᠣᠷ ᠲᠤ᠌ ᠴᠢᠨᠢ ᠲᠠᠤᠯᠠᠢ ᠶ᠋ᠢᠨ ᠪᠥᠵᠥᠩ ᠣᠷᠣᠴᠢᠬᠠᠭᠰᠠᠨ ᠪᠦᠯᠲᠡᠭᠡᠨᠡᠵᠦ ᠪᠠᠢᠬᠤ ᠴᠢᠨᠢ ᠭᠡᠬᠦ ᠳ᠋ᠦ᠍ ᠬᠣᠩᠭᠣᠷ ᠮᠢᠨᠢ ᠦᠨᠡᠨ ᠢ᠋ ᠬᠡᠯᠡᠬᠦ ᠳ᠋ᠦ᠍ ᠬᠣᠷᠸ᠎ᠠ ᠶᠢᠷᠲᠢᠨᠴᠦ ᠳ᠋ᠦ᠍ ᠰᠣᠨᠢᠨ ᠵᠦᠢᠯ ᠶᠡᠬᠡ ᠪᠠᠢᠬᠤ ᠶᠤᠮ ᠳᠠ᠂ ᠤᠰᠤᠨ ᠤ᠋ ᠭᠦᠨ ᠳ᠋ᠦ᠍ ᠲᠠᠤᠯᠠᠢ ᠠᠮᠢᠳᠤᠷᠠᠳᠠᠭ ᠶᠤᠮ ᠰᠢᠦ ᠳᠡ ! ᠶᠧ ᠪᠤᠰᠢᠭᠤᠬᠠᠨ ᠬᠠᠷᠢᠬᠤ ᠶᠤᠮ ᠰᠠᠨ᠂ ᠠᠢᠯ ᠬᠣᠲᠠᠨ ᠤ᠋ ᠬᠢᠨ ᠳ᠋ᠦ᠍ ᠪᠡᠨ ᠬᠡᠯᠡᠬᠦ ᠶᠤᠮ ᠰᠠᠨ ᠭᠡᠭᠰᠡᠭᠡᠷ ᠠᠮᠠᠨᠴᠢᠷ ᠡᠬᠡᠨᠡᠷ ᠴᠠᠭᠠᠰᠢ ᠶᠠᠪᠤᠯ᠎ᠠ᠃ ᠢᠩᠭᠢᠭᠡᠳ ᠲᠡᠷᠡ ᠬᠣᠶᠠᠷ ᠰᠠᠷᠠᠨ ᠤ᠋ ᠭᠡᠷᠡᠯ ᠳ᠋ᠦ᠍ ᠲᠡᠮᠲᠡᠴᠢᠨ ᠶᠠᠪᠤᠭᠰᠠᠭᠠᠷ ᠨᠢᠭᠤᠭᠰᠠᠨ ᠠᠯᠲᠠ ᠡᠷᠳᠡᠨᠢᠰ ᠢ᠋ᠶ᠋ᠡᠨ ᠣᠯᠵᠤ ᠠᠪᠤᠭᠠᠳ ᠭᠡᠷ ᠲᠦ᠍ ᠪᠡᠨ ᠬᠠᠷᠢᠵᠤ ᠭᠡᠨ᠎ᠡ᠃

ᠥᠷᠯᠥᠭᠡ ᠨᠢ ᠲᠡᠷᠡ ᠬᠣᠶᠠᠷ ᠦᠳᠡ ᠪᠣᠯᠲᠠᠯ᠎ᠠ ᠤᠨᠲᠠᠵᠤ ᠦᠬᠡᠷ ᠦ᠋ᠨ ᠳᠠᠭᠤᠨ ᠢ᠋ᠶ᠋ᠠᠷ ᠰᠡᠷᠡᠯ᠎ᠡ᠃ ᠠᠮᠠᠨᠴᠢᠷ ᠡᠬᠡᠨᠡᠷ ᠪᠤᠰᠢᠭᠤᠬᠠᠨ ᠪᠣᠰᠤᠭᠠᠳ ᠬᠣᠭ ᠤ᠋ᠨ ᠰᠠᠪᠠ ᠪᠠᠨ ᠲᠦᠴᠢᠭᠢᠨᠡᠭᠦᠯᠦᠭᠰᠡᠭᠡᠷ ᠬᠥᠮᠦᠨ ᠠᠮᠢᠲᠠᠨ ᠶᠡᠬᠡ ᠲᠡᠢ ᠬᠦᠢᠲᠡᠨ ᠪᠤᠯᠠᠭ ᠤᠷᠤᠭᠤ ᠭᠦᠶᠦᠯ᠎ᠡ᠃ ᠠᠮᠠ ᠬᠠᠮᠠᠷ ᠢ᠋ᠶ᠋ᠠᠨ ᠮᠤᠷᠤᠯᠵᠠᠭᠤᠯᠤᠨ ᠪᠠᠢᠵᠤ ᠠᠮᠠᠨᠴᠢᠷ ᠡᠬᠡᠨᠡᠷ ᠤᠴᠢᠷ ᠶᠠᠪᠤᠳᠠᠯ ᠢ᠋ᠶ᠋ᠠᠨ ᠤᠴᠢᠷ ᠵᠦᠭ ᠦᠭᠡᠢ ᠴᠠᠯᠴᠢᠵᠤ ᠭᠠᠷᠤᠯ᠎ᠠ᠃ ᠰᠠᠨᠠᠭᠠᠨ ᠳ᠋ᠤ᠌ ᠦᠭᠡᠢ ᠶᠠᠷᠢᠭᠰᠠᠨ ᠲᠡᠷᠡ ᠶᠠᠷᠢᠶ᠎ᠠ ᠨᠢ ᠰᠠᠨᠠᠭ᠎ᠠ ᠮᠠᠭᠤᠲᠤ ᠨᠣᠶᠠᠨ ᠤ᠋ ᠴᠢᠬᠢᠨ ᠳ᠋ᠦ᠍ ᠠᠯᠢ ᠬᠡᠳᠦᠢᠨᠡᠢ ᠬᠦᠷᠴᠢᠬᠡᠵᠡᠢ᠃ ᠨᠣᠶᠠᠨ ᠴᠤ᠌ ᠡᠳ᠋ ᠪᠠᠶᠠᠯᠢᠭ ᠲᠤ᠌ ᠳᠤᠷᠠᠲᠠᠢ ᠡᠷᠡᠭᠡ ᠴᠡᠷᠡᠭᠡ ᠦᠭᠡᠢ ᠨᠢᠭᠡᠨ ᠪᠣᠯᠬᠣᠷ ᠶᠠᠳᠠᠭᠤ ᠡᠷ᠎ᠡ ᠶ᠋ᠢ ᠳᠠᠭᠤᠳᠠᠭᠤᠯᠵᠤ ᠶᠠᠯᠠᠲᠠᠨ ᠲᠤᠯᠭᠠᠵᠤ ᠭᠡᠨ᠎ᠡ᠃ ᠠᠰᠤᠷᠤ ᠶᠡᠬᠡ ᠠᠯᠲᠠ ᠮᠥᠩᠭᠥ ᠣᠯᠴᠢᠬᠠᠭᠠᠳ ᠠᠮᠢᠨ ᠬᠤᠪᠢ ᠳ᠋ᠤ᠌ ᠪᠠᠨ ᠠᠰᠢᠭᠯᠠᠬᠤ ᠭᠡᠳ ᠬᠠᠷᠢᠶᠠᠲᠤ ᠨᠣᠶᠠᠨ ᠡᠵᠡᠨ ᠨᠣᠶᠠᠨ ᠠ᠋ᠴᠠ ᠪᠠᠨ ᠬᠠᠷᠠᠮᠯᠠᠨ᠎ᠠ ᠭᠡᠨ᠎ᠡ ᠭᠡᠵᠦ ᠣᠷᠢᠯᠠᠵᠤ ᠬᠠᠰᠬᠢᠴᠢᠵᠤ ᠵᠠᠩᠨᠠᠵᠤ ᠭᠠᠷᠤᠯ᠎ᠠ᠃ ᠶᠠᠳᠠᠭᠤ ᠡᠷ᠎ᠡ ᠠᠶᠤᠭᠰᠠᠨ ᠰᠢᠨᠵᠢ ᠦᠭᠡᠢ ᠬᠠᠷᠢᠨ ᠢᠨᠢᠶᠡᠳᠦ ᠠᠯᠲᠠᠨ ᠬᠡ — ᠡᠨᠡ ᠪᠣᠯ ᠡᠨᠳᠡᠭᠦᠷᠡᠯ ᠰᠢᠦ ᠳᠡ ᠨᠣᠶᠠᠨᠲᠠᠨ ! ᠠᠯᠲᠠ ᠮᠥᠩᠭᠥ ᠣᠯᠬᠤ ᠨᠢ ᠪᠠᠢᠲᠤᠭᠠᠢ ᠠᠮᠠ ᠤᠷᠤᠭᠤ ᠪᠠᠨ ᠬᠢᠬᠦ ᠴᠦ᠍ ᠬᠣᠭᠣᠯᠠ ᠦᠭᠡᠢ ᠰᠠᠭᠤᠵᠤ ᠪᠠᠢᠨ᠎ᠠ ᠳᠠ ᠭᠡᠰᠡᠨ ᠳ᠋ᠦ᠍ ᠨᠣᠶᠠᠨ ᠡᠳᠦᠭᠡ ᠴᠢ ᠪᠣᠯᠵᠣᠭᠠᠳ ᠪᠠᠢ᠂ ᠬᠦᠢᠲᠡᠨ ᠪᠤᠯᠠᠭ ᠳᠡᠭᠡᠷ᠎ᠡ ᠡᠬᠡᠨᠡᠷ ᠴᠢᠨᠢ ᠬᠥᠮᠦᠨ ᠪᠣᠯᠭᠠᠨ ᠳ᠋ᠤ᠌ ᠶᠠᠷᠢᠭᠰᠠᠨ ᠪᠠᠢᠨ᠎ᠠ ᠳᠠ᠂ ᠠᠯᠲᠠ ᠮᠥᠩᠭᠥ ᠪᠡᠨ ᠣᠳᠣᠬᠠᠨ ᠠᠪᠴᠢᠷᠠᠬᠤ ᠦᠭᠡᠢ ᠶᠤᠮ ᠪᠣᠯ ᠠᠮᠢ ᠨᠠᠰᠤ ᠲᠠᠢ ᠴᠢᠨᠢ ᠶᠠᠷᠢᠨ᠎ᠠ ᠰᠢᠦ ! ᠮᠢᠨᠦ ᠡᠬᠡᠨᠡᠷ ᠦ᠋ᠨ ᠠᠮᠠᠨᠴᠢᠷ ᠭᠡᠳᠡᠭ ᠢ᠋ ᠠᠢᠯ ᠬᠣᠲᠠᠯᠠᠭᠠᠷ ᠢ᠋ᠶ᠋ᠠᠨ ᠮᠡᠳᠡᠨ᠎ᠡ ᠳᠠ᠂ ᠲᠡᠷᠡ ᠬᠥᠮᠦᠨ ᠶᠠᠭᠤ ᠴᠤ᠌ ᠭᠡᠵᠦ ᠪᠤᠷᠠᠵᠤ ᠮᠡᠳᠡᠨ᠎ᠡ᠃ ᠲᠡᠭᠦᠨ ᠳ᠋ᠦ᠍ ᠢᠲᠡᠭᠡᠭᠡᠳ ᠬᠡᠷᠡᠭ ᠦᠭᠡᠢ ᠳᠡ ᠨᠣᠶᠠᠨᠲᠠᠨ ! ᠶᠠᠳᠠᠭᠤ ᠡᠷ᠎ᠡ ᠬᠡᠯᠡᠭᠡᠳ ᠶᠠᠭᠤ ᠴᠤ᠌ ᠪᠣᠯᠤᠭ᠎ᠠ ᠦᠭᠡᠢ ᠶᠤᠮ ᠰᠢᠭ ᠢᠨᠢᠶᠡᠮᠰᠦᠭᠯᠡᠨ ᠵᠣᠭᠰᠣᠯ᠎ᠠ᠃ ᠬᠠᠷᠢᠨ ᠨᠣᠶᠠᠨ ᠲᠡᠷᠡ ᠳᠣᠣᠷ᠎ᠠ ᠨᠢ ᠠᠮᠠᠨᠴᠢᠷ ᠠᠪᠠᠭᠠᠢ ᠶ᠋ᠢ ᠳᠠᠭᠤᠳᠠᠵᠤ ᠠᠪᠴᠢᠷᠠᠭᠠᠳ ᠠᠰᠠᠭᠤᠵᠤ ᠰᠢᠯᠭᠠᠵᠤ ᠭᠠᠷᠤᠯ᠎ᠠ᠃ ᠲᠠᠨ ᠤ᠋ ᠨᠥᠬᠥᠷ ᠠᠯᠲᠠ ᠮᠥᠩᠭᠥ ᠣᠯᠤᠭᠰᠠᠨ ᠭᠡᠯ᠎ᠡ ᠤᠤ ? ᠠ᠋ ᠣᠯᠤᠭᠰᠠᠨ ᠨᠣᠶᠠᠨᠲᠠᠨ ᠮᠢᠨᠢ᠂ ᠣᠯᠤᠭᠰᠠᠨ ᠰᠢᠦ ! ᠰᠥᠨᠢ ᠳᠦᠯᠢ ᠪᠡᠷ ᠮᠥᠩᠭᠥ ᠪᠡᠨ ᠵᠥᠭᠡᠭᠡᠭᠰᠡᠨ ᠭᠡᠯ᠎ᠡ ᠤᠤ ? ᠲᠡᠭᠡᠭᠰᠡᠨ ᠰᠢᠦ᠂ ᠨᠣᠶᠠᠨᠲᠠᠨ ᠮᠢᠨᠢ ᠲᠡᠭᠡᠭᠰᠡᠨ ᠰᠥᠨᠢ ᠵᠥᠭᠡᠭᠡᠭᠰᠡᠨ ᠪᠦᠭᠦᠳᠡ ᠶ᠋ᠢ ᠨᠢ ᠵᠥᠭᠡᠭᠡᠭᠰᠡᠨ᠃ ᠵᠠ ᠲᠡᠭᠡᠪᠡᠯ ᠶᠠᠭᠤ ᠪᠣᠯᠤᠭᠰᠠᠨ ᠢ᠋ ᠨᠢ ᠪᠦᠭᠦᠳᠡ ᠶ᠋ᠢ ᠶᠠᠷᠢᠭᠠᠳ ᠣᠷᠭᠢ ᠳᠠ ! ᠵᠠ ᠢᠩᠭᠢᠯ᠎ᠡ᠂ ᠨᠣᠶᠠᠨᠲᠠᠨ ᠮᠢᠨᠢ᠂ ᠡᠬᠢᠯᠡᠭᠡᠳ ᠪᠢᠳᠡ ᠣᠢ ᠤᠷᠤᠭᠤ ᠣᠷᠣᠯ᠎ᠠ᠃ ᠦᠭᠡᠢ ᠲᠡᠭᠡᠭᠰᠡᠨ ᠴᠢᠨᠢ ᠲᠡᠨᠳᠡ ᠮᠥᠴᠢᠷ ᠪᠦᠷᠢ ᠳᠡᠭᠡᠷ᠎ᠡ ᠨᠢ ᠴᠠᠭᠠᠷᠢᠭ ᠤ᠋ᠨ ᠪᠣᠣᠪᠣ ᠡᠯᠭᠦᠭᠡᠲᠡᠢ ᠪᠠᠢᠬᠤ ᠶᠤᠮ᠃ ᠶᠠᠭᠤᠨ ᠴᠠᠭᠠᠷᠢᠭ ᠤ᠋ᠨ ᠪᠣᠣᠪᠣ ᠪᠢᠯᠡ ? ᠲᠣᠮᠣ ᠲᠣᠮᠣ ᠠᠮᠲᠠᠲᠠᠢ ᠴᠠᠭᠠᠷᠢᠭ ᠤ᠋ᠨ ᠪᠣᠣᠪᠣ᠂ ᠡᠭᠦᠯᠡᠨ ᠡᠴᠡ ᠴᠢᠨᠢ ᠪᠣᠷᠣᠭ᠎ᠠ ᠪᠢᠰᠢ ᠪᠣᠣᠪᠣ ᠣᠷᠣᠳᠠᠭ ᠪᠣᠯᠤᠭᠰᠠᠨ ᠭᠡᠨ᠎ᠡ ᠰᠢᠦ ! ᠦᠭᠡᠢ ᠲᠡᠭᠡᠭᠡᠳ ᠪᠢᠳᠡ ᠬᠣᠶᠠᠷ ᠴᠠᠭᠠᠰᠢ ᠶᠠᠪᠤᠭᠰᠠᠭᠠᠷ ᠡᠳᠦᠷ ᠦ᠋ᠨ ᠲᠠᠯᠪᠢᠭᠰᠠᠨ ᠬᠠᠪᠬ᠎ᠠ ᠪᠠᠨ ᠡᠷᠭᠢᠵᠦ ᠣᠴᠢᠭᠰᠠᠨ ᠴᠢᠨᠢ ᠳᠣᠲᠣᠷ᠎ᠠ ᠨᠢ ᠴᠤᠷᠬᠠᠢ ᠵᠢᠭᠠᠰᠤ ᠣᠷᠣᠴᠢᠬᠠᠭᠰᠠᠨ ᠪᠠᠢᠳᠠᠭ ᠪᠠᠢᠭ᠎ᠠ ᠳᠠ ! ᠬᠠᠭᠤᠷᠠᠢ ᠭᠠᠵᠠᠷ ᠠᠮᠢᠳᠤᠷᠠᠳᠠᠭ ᠴᠤᠷᠬᠠᠢ ᠪᠠᠢᠳᠠᠭ ᠯᠠ ᠶᠤᠮ ᠪᠠᠢᠨ᠎ᠠ ᠳᠠ ! ᠦᠭᠡᠢ ᠴᠢ ᠴᠢᠨᠢ ᠬᠠᠪᠬᠠᠨ ᠳ᠋ᠤ᠌ ᠴᠤᠷᠬᠠᠢ ᠵᠢᠭᠠᠰᠤ ᠣᠷᠣᠭᠰᠠᠨ ᠭᠡᠳ ᠪᠠᠢᠨ᠎ᠠ ᠤᠤ ᠳᠠ ? ᠦᠭᠡᠢ᠂ ᠲᠡᠢᠮᠦ ᠠ᠋᠂ ᠲᠡᠢᠮᠦ᠂ ᠶᠠᠭᠤ ᠴᠤ᠌ ᠪᠢᠰᠢ᠂ ᠲᠣᠮᠣᠵᠤ ᠲᠠᠯᠪᠢᠭᠰᠠᠨ ᠲᠣᠣᠷ ᠳᠣᠲᠣᠷ᠎ᠠ ᠮᠢᠨᠢ ᠲᠣᠮᠣ ᠭᠡᠭᠴᠢ ᠶ᠋ᠢᠨ ᠪᠥᠵᠥᠩ ᠣᠷᠣᠴᠢᠬᠠᠭᠰᠠᠨ ᠪᠠᠢᠭᠰᠠᠨ ᠭᠡᠭᠴᠢ᠂ ᠦᠭᠡᠢ ᠲᠡᠭᠡᠭᠡᠳ ᠪᠢᠳᠡ ᠬᠣᠶᠠᠷ ᠴᠠᠭᠠᠰᠢ ᠨᠡᠯᠢᠶᠡᠳ ᠶᠠᠪᠤᠵᠤ ᠪᠠᠢᠭᠠᠳ ᠪᠤᠯᠠᠭᠰᠠᠨ ᠠᠯᠲᠠ ᠪᠠᠨ ᠣᠯᠵᠤ ᠠᠪᠤᠭᠰᠠᠨ ᠳᠠ᠃ ᠦᠭᠡᠢ ᠨᠢᠭᠡ ᠨᠢᠭᠡ ᠡᠭᠦᠷᠭᠡ ᠡᠭᠦᠷᠴᠦ ᠠᠯᠲᠠ ᠠᠪᠴᠤ ᠬᠠᠷᠢᠵᠠᠭᠠᠭᠰᠠᠨ ᠰᠢᠦ ! ᠠᠮᠠᠨᠴᠢᠷ ᠠᠪᠠᠭᠠᠢ ᠶ᠋ᠢᠨ ᠶᠠᠷᠢᠶ᠎ᠠ ᠶ᠋ᠢ ᠰᠣᠨᠣᠰᠤᠭᠠᠳ ᠨᠣᠶᠠᠨ ᠤ᠋ ᠲᠡᠰᠪᠦᠷᠢ ᠠᠯᠲᠠᠨ ᠠᠭᠤᠷᠯᠠᠵᠤ᠂ ᠦᠭᠡᠢ ᠡᠨᠡ ᠲᠡᠨᠡᠭ ᠬᠡᠦᠬᠡᠨ ᠢ᠋ ᠡᠨᠳᠡ ᠡᠴᠡ ᠭᠠᠷᠭ᠎ᠠ ! ᠬᠡᠯᠡᠵᠦ ᠶᠠᠷᠢᠵᠤ ᠪᠠᠢᠭ᠎ᠠ ᠶ᠋ᠢ ᠴᠦ᠍ ᠮᠡᠳᠡᠬᠦ ᠦᠭᠡᠢ ᠬᠠᠮᠢᠭ᠎ᠠ ᠬᠠᠮᠢᠶ᠎ᠠ ᠦᠭᠡᠢ ᠪᠤᠷᠠᠵᠤ ᠪᠠᠢᠬᠤ ᠴᠢᠨᠢ ᠠ᠋ ᠭᠡᠮᠡᠨ ᠣᠷᠢᠯᠠᠵᠤ ᠬᠠᠰᠬᠢᠴᠢᠨ ᠬᠥᠭᠡᠭᠡᠵᠦ ᠭᠠᠷᠭᠠᠵᠠᠢ᠃ ᠬᠠᠷᠢᠨ ᠶᠠᠳᠠᠭᠤ ᠡᠷ᠎ᠡ ᠶᠠᠭᠤ ᠴᠤ᠌ ᠪᠣᠯᠤᠭ᠎ᠠ ᠦᠭᠡᠢ ᠮᠡᠲᠦ ᠢᠨᠢᠶᠡᠮᠰᠦᠭᠯᠡᠨ ᠵᠠ᠂ ᠲᠠ ᠬᠠᠷᠠᠪᠠ ᠤᠤ ᠨᠣᠶᠠᠨᠲᠠᠨ ! ᠮᠢᠨᠦ ᠡᠬᠡᠨᠡᠷ ᠡᠢᠮᠦ ᠯᠡ ᠬᠥᠮᠦᠨ ᠰᠢᠦ ᠳᠡ ! ᠲᠡᠭᠦᠨ ᠦ᠌ ᠦᠭᠡᠨ ᠳ᠋ᠦ᠍ ᠢᠲᠡᠭᠡᠨ᠎ᠡ ᠭᠡᠵᠦ ᠪᠠᠢᠵᠤ ᠪᠣᠯᠤᠮ᠎ᠠ ᠦᠭᠡᠢ ᠵᠦᠢᠯ ᠭᠡᠴᠢᠬᠡᠭᠡᠳ ᠭᠠᠷᠤᠭᠠᠳ ᠶᠠᠪᠤᠭᠠᠳ ᠥᠭᠴᠡᠢ᠃

ᠲᠡᠷᠡ ᠴᠠᠭ ᠠ᠋ᠴᠠ ᠬᠣᠢᠰᠢ ᠠᠮᠠᠨᠴᠢᠷ ᠡᠬᠡᠨᠡᠷ ᠲᠦ᠍ ᠨᠢ ᠬᠡᠨ ᠴᠦ᠍ ᠳᠠᠬᠢᠨ ᠢᠲᠡᠭᠡᠬᠦ ᠪᠠᠨ ᠪᠣᠯᠢᠵᠤ ᠬᠠᠷᠢᠨ ᠶᠠᠳᠠᠭᠤ ᠡᠷ᠎ᠡ ᠰᠡᠳᠬᠢᠯ ᠠᠮᠤᠷ ᠰᠠᠶᠢᠬᠠᠨ ᠠᠮᠢᠳᠤᠷᠠᠬᠤ ᠪᠣᠯᠵᠠᠢ᠃  

   ᠦᠰᠦᠭ ᠠᠮᠢᠯᠠᠭᠤᠯᠤᠭᠰᠠᠨ ᠄ ᠮᠦᠩᠭᠦᠨᠴᠡᠴᠡᠭ
   ᠬᠢᠨᠠᠭᠴᠢ ᠪᠠᠭᠰᠢ ᠄ ᠮᠥᠴᠢᠷ