ᠶᠠᠫᠣᠨ ᠬᠡᠯᠡᠨ ᠦ᠌ ᠬᠢᠴᠢᠶᠡᠯ ᠠᠩᠬᠠᠨ ᠱᠠᠲᠤ 05Япон хэлний хичээл Анхан шат
ᠤ᠋᠂ ᠮᠥᠩᠬᠡᠳᠠᠷᠠᠮᠠ
ᠶᠠᠫᠣᠨ ᠬᠡᠯᠡᠨ ᠦ᠌ ᠠᠯᠤᠰ ᠤ᠋ᠨ ᠵᠠᠢ ᠶ᠋ᠢᠨ ᠰᠤᠷᠭᠠᠯᠲᠠ
ᠪᠣᠯᠪᠠᠰᠤᠷᠠᠯ ᠰᠤᠪᠠᠭ ᠲᠧᠯᠸᠢᠰ
ᠤᠯᠠᠭᠠᠨᠪᠠᠭᠠᠲᠤᠷ ᠶᠠᠫᠣᠨ ᠬᠡᠯᠡ ᠰᠤᠷᠭᠠᠯᠲᠠ ᠶ᠋ᠢᠨ ᠲᠥᠪ
ᠲᠠᠪᠤᠳᠠᠬᠢ ᠰᠤᠷᠬᠤ ᠬᠢᠴᠢᠶᠡᠯ
1.ᠳᠥᠷᠪᠡᠳᠡᠬᠢ ᠬᠢᠴᠢᠶᠡᠯᠯᠡᠭᠡ ᠳ᠋ᠦ᠍ ᠰᠤᠷᠤᠭᠰᠠᠨ᠂ᠥᠪᠡᠷ ᠢ᠋ ᠪᠡᠨ ᠶᠠᠫᠣᠨ ᠢ᠋ᠶ᠋ᠠᠷ ᠲᠠᠨᠢᠯᠴᠠᠭᠤᠯᠬᠤ ᠄《ᠲᠠᠨᠢᠯᠴᠠᠶ᠎ᠠ᠂ ᠪᠢ ᠪᠣᠯ ᠨᠣᠮᠢᠨ ᠶᠤᠮ᠃ᠪᠢ ᠪᠣᠯ᠂ ᠮᠣᠩᠭᠣᠯ ᠬᠥᠮᠦᠨ ᠶᠦᠮ᠃ᠮᠣᠩᠭᠣᠯ ᠬᠥᠮᠦᠨ᠂ ᠲᠤᠰᠠᠯᠠᠵᠤ ᠳᠡᠮᠵᠢᠵᠦ ᠪᠠᠢᠭᠠᠷᠠᠢ》 ᠪᠠ ᠰᠢᠨ᠎ᠡ ᠦᠭᠡ ᠄《ᠵᠣᠴᠢᠨ᠂ ᠥᠷᠭᠡᠰᠦᠲᠦ ᠬᠡᠮᠬᠡ᠂ ᠬᠢᠴᠢᠶᠡᠯ᠂ ᠦᠬᠡᠷ ᠦ᠋ᠨ ᠮᠢᠬ᠎ᠠ᠂ ᠪᠠᠩᠰᠢ᠂ ᠵᠢᠷᠤᠭ᠂ ᠨᠢᠨᠵᠢᠶᠠ᠂ ᠵᠢᠦ᠋ᠳᠣ᠋᠂ ᠲᠥᠷᠥᠭᠰᠡᠨ ᠡᠳᠦᠷ᠂ ᠨᠢᠯᠬ᠎ᠠ ᠬᠡᠦᠬᠡᠳ᠂ ᠲᠠᠷᠢᠯᠭ᠎ᠠ》 ᠵᠡᠷᠭᠡ ᠦᠰᠦᠭ ᠢ᠋ᠶ᠋ᠡᠨ ᠳᠠᠪᠲᠠᠪᠠ᠃
2. ᠺᠠᠲ᠋ᠠᠺᠠᠨᠠ ᠦᠰᠦᠭ ᠦ᠋ᠨ
ᠠ ᠢ ᠦ ᠡᠶᠧ ᠣ
ᠺᠠ ᠺᠢ ᠺᠦ ᠺᠶᠧ ᠺᠤ
ᠰᠠ ᠱᠢ ᠰᠧ ᠰᠶᠧ ᠰᠤ
ᠲᠠ ᠴᠢ ᠼᠢ ᠲᠶᠧ ᠲᠤ
ᠨᠠ ᠨᠢ ᠨᠥ ᠨᠶᠧ ᠨᠣ ᠵᠡᠷᠭᠡ ᠶ᠋ᠢ ᠤᠩᠰᠢᠵᠤ ᠪᠢᠴᠢᠬᠦ ᠶ᠋ᠢ ᠰᠤᠷᠤᠭᠰᠠᠨ ᠪᠠᠢᠨ᠎ᠠ᠃
3.ᠰᠢᠨ᠎ᠡ ᠦᠭᠡ
ᠺᠢᠸᠢ ᠵᠢᠮᠢᠰ(ᠲᠣᠰᠢᠯᠣᠭ)ᠦᠨᠦᠰᠬᠦ᠂ᠲᠧᠨᠨᠢᠰ (ᠲᠣᠣᠷ ᠪᠥᠮᠪᠥᠭᠡ) ᠰᠢᠯᠭᠠᠯᠲᠠ᠂ ᠵᠠᠩᠭᠢᠶ᠎ᠠ (ᠪᠦᠴᠡ) ᠺᠠᠲ᠋ᠠᠺᠠᠨᠠ ᠦᠰᠦᠭ᠂ᠳᠡᠪᠲᠡᠷ᠂ ᠪᠢᠯᠢᠤ᠂ ᠭᠢᠲ᠋ᠠᠷ᠂ ᠲᠠᠺᠰᠢ ᠵᠡᠷᠭᠡ ᠶ᠋ᠢ ᠰᠤᠷᠤᠭᠰᠠᠨ。
4.ᠨᠢᠭᠡ ᠡᠴᠡ ᠲᠠᠪᠢ ᠬᠦᠷᠲᠡᠯᠡᠬᠢ ᠲᠣᠭ᠎ᠠ ᠶ᠋ᠢ ᠤᠩᠰᠢᠵᠤ ᠪᠢᠴᠢᠬᠦ ᠶ᠋ᠢ ᠵᠢᠭᠠᠭᠰᠠᠨ ᠪᠠᠢᠨ᠎ᠠ
5.《ᠰᠠᠷ᠎ᠠ᠂ ᠡᠳᠦᠷ》ᠢ᠋ ᠤᠩᠰᠢᠵᠤ ᠪᠢᠴᠢᠬᠦ ᠶ᠋ᠢ ᠵᠢᠭᠠᠭᠰᠠᠨ ᠪᠠᠢᠨ᠎ᠠ᠂ ᠳᠠᠷᠤᠢ᠄
ᠨᠢᠭᠡ ᠰᠠᠷ᠎ᠠ ᠠ᠋ᠴᠠ ᠠᠷᠪᠠᠨ ᠬᠣᠶᠠᠷ ᠰᠠᠷ᠎ᠠ ᠃ ᠨᠢᠭᠡᠨ ᠦ᠌ ᠡᠳᠦᠷ ᠡᠴᠡ ᠠᠷᠪᠠᠨ ᠤ᠋ ᠡᠳᠦᠷ᠂ ᠠᠷᠪᠠᠨ ᠨᠢᠭᠡᠨ ᠦ᠌ ᠡᠳᠦᠷ ᠡᠴᠡ ᠬᠣᠷᠢᠨ ᠤ᠋ ᠡᠳᠦᠷ᠂ ᠬᠣᠷᠢᠨ ᠨᠢᠭᠡᠨ ᠦ᠌ ᠡᠳᠦᠷ ᠡᠴᠡ ᠭᠤᠴᠢᠨ ᠤ᠋ ᠡᠳᠦᠷ᠂ ᠭᠤᠴᠢᠨ ᠤ᠋ ᠡᠳᠦᠷ᠂ ᠥᠨᠥᠳᠥᠷ᠂ ᠮᠠᠷᠭᠠᠰᠢ᠂ ᠲᠥᠷᠥᠭᠰᠡᠨ ᠡᠳᠦᠷ᠂ ᠬᠡᠳᠦ᠂ ᠶᠠᠭᠤ᠂ ᠲᠡᠢᠮᠦ ᠤᠤ? ᠭᠡᠬᠦ ᠵᠡᠷᠭᠡ ᠶ᠋ᠢ ᠰᠤᠷᠤᠭᠰᠠᠨ ᠪᠠᠢᠨ᠎ᠠ
6. ᠬᠠᠷᠢᠯᠴᠠᠨ ᠶᠠᠷᠢᠶ᠎ᠠ ᠰᠤᠷᠤᠯᠴᠠᠪᠠ᠂ ᠳᠠᠷᠤᠢ᠄
ᠥᠨᠥᠳᠥᠷ ᠬᠡᠳᠦᠨ ᠰᠠᠷ᠎ᠠ ᠶ᠋ᠢᠨ ᠬᠡᠳᠦᠨ ᠦ᠌ ᠡᠳᠦᠷ ᠪᠣᠢ?
ᠭᠤᠷᠪᠠᠨ ᠰᠠᠷ᠎ᠠ ᠶ᠋ᠢᠨ ᠨᠢᠭᠡᠨ ᠦ᠌ ᠡᠳᠦᠷ
ᠲᠥᠷᠥᠭᠰᠡᠨ ᠡᠳᠦᠷ ᠨᠢ ᠬᠡᠳᠦᠨ ᠰᠠᠷ᠎ᠠ ᠶ᠋ᠢᠨ ᠬᠡᠳᠦᠨ ᠦ᠌ ᠡᠳᠦᠷ ᠪᠣᠢ?
ᠲᠠᠪᠤᠨ ᠰᠠᠷ᠎ᠠ ᠶ᠋ᠢᠨ ᠨᠢᠭᠡᠨ ᠦ᠌ ᠡᠳᠦᠷ
ᠥᠨᠥᠳᠥᠷ ᠬᠡᠳᠦᠨ ᠰᠠᠷ᠎ᠠ ᠶ᠋ᠢᠨ ᠬᠡᠳᠦᠨ ᠦ᠌ ᠡᠳᠦᠷ ᠪᠣᠢ?
ᠳᠣᠯᠣᠭᠠᠨ ᠰᠠᠷ᠎ᠠ ᠶ᠋ᠢᠨ ᠬᠣᠷᠢᠨ ᠤ᠋ ᠡᠳᠦᠷ
ᠦᠰᠦᠭ ᠠᠮᠢᠯᠠᠭᠤᠯᠵᠤ ᠬᠠᠲᠠᠭᠰᠠᠨ ᠨᠢ ᠄ ᠭᠠᠸᠠ
ᠬᠢᠨᠠᠭᠴᠢ ᠄ ᠨᠤᠮᠤᠴᠢᠨ ᠪᠢᠯᠢᠭ
