ᠨᠣᠶᠠᠨ ᠲᠠᠯᠬᠠᠨ ᠤ ᠦᠰᠦᠴᠢᠨ ᠦ ᠭᠠᠵᠠᠷ1-20ᠱᠣᠺᠣ ᠶᠢᠨ ᠢᠨᠢᠶᠡᠮᠰᠦᠭᠯᠡᠯ Шокогын инээмсэглэл-BreadBarbershop1 ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠣᠶᠠᠨ ᠲᠠᠯᠬᠠᠨ ᠤ ᠦᠰᠦᠴᠢᠨ ᠦ ᠭᠠᠵᠠᠷ1-20ᠱᠣᠺᠣ ᠶᠢᠨ ᠢᠨᠢᠶᠡᠮᠰᠦᠭᠯᠡᠯ Шокогын инээмсэглэл-BreadBarbershop1

ᠨᠣᠶᠠᠨ ᠲᠠᠯᠬᠠᠨ ᠤ ᠦᠰᠦᠴᠢᠨ ᠦ ᠭᠠᠵᠠᠷ1-20ᠱᠣᠺᠣ ᠶᠢᠨ ᠢᠨᠢᠶᠡᠮᠰᠦᠭᠯᠡᠯ Шокогын инээмсэглэл-BreadBarbershop1

2023-07-20

452

ᠱᠣᠺᠣ ᠶ᠋ᠢᠨ ᠢᠨᠢᠶᠡᠮᠰᠦᠭᠯᠡᠯ

— ᠱᠣᠺᠣ᠂ ᠥᠭᠡᠳᠡᠷᠡᠭ ᠪᠠᠢᠭᠠᠴᠢ᠃
—ᠨᠠᠳᠠ ᠳ᠋ᠤ᠌ ᠢᠨᠢᠶᠡᠮᠰᠦᠭᠯᠡᠬᠦ ᠰᠢᠯᠲᠠᠭᠠᠨ ᠬᠡᠷᠡᠭᠲᠡᠢ ᠪᠢᠵᠡ ᠳᠡ᠂
—ᠲᠡᠢᠮᠦ ᠠ᠋᠂ ᠴᠢ ᠠᠷᠪᠢᠨ ᠲᠣᠯᠢ ᠪᠠᠢᠨ᠎ᠠ ᠰᠢᠦ ᠳᠡ᠃
—ᠨᠠᠳᠠ ᠳ᠋ᠤ᠌ ᠪᠢᠲᠡᠭᠡᠢ ᠬᠥᠷ᠂ ᠲᠠ ᠴᠢᠨᠢ ᠶᠠᠭᠠᠬᠢᠴᠢᠬᠠᠭᠰᠠᠨ ᠶᠤᠮ ᠪᠣᠢ?
—ᠥᠨᠥᠳᠥᠷ ᠪᠣᠯ ᠲᠠᠯᠬᠠᠨ ᠤ᠋ ᠮᠤᠬᠤᠯᠠᠭ ᠬᠣᠲᠠ ᠶ᠋ᠢᠨ ᠵᠢᠷᠭᠠᠯᠲᠠᠢ ᠵᠢᠵᠢᠭ ᠪᠢᠽᠢᠨ᠋ᠧᠰ ᠦ᠋ᠨ ᠡᠳᠦᠷ᠂ ᠭᠣᠣᠯ ᠦᠭᠡ ᠨᠢ ᠵᠢᠷᠭᠠᠯᠲᠠᠢ᠃
—ᠪᠢ ᠲᠠᠯᠬᠠᠨ ᠤ᠋ ᠮᠤᠬᠤᠯᠠᠭ ᠬᠣᠲᠠ ᠶ᠋ᠢᠨ ᠵᠠᠬᠢᠷᠭᠠᠨ ᠠ᠋ᠴᠠ ᠶᠠᠪᠤᠵᠤ ᠪᠠᠢᠨ᠎ᠠ᠂
—ᠨᠠᠢᠵᠠ ᠠ᠋᠂ ᠲᠠᠪᠠᠲᠠᠢ ᠮᠣᠷᠢᠯᠠ!
ᠲᠠᠨ ᠢ᠋ ᠢᠷᠡᠭᠰᠡᠨ ᠳ᠋ᠦ᠍ ᠪᠢᠳᠡ ᠪᠠᠶᠠᠷᠯᠠᠭᠠᠳ ᠴᠤ᠌ ᠪᠠᠷᠠᠬᠤ ᠦᠭᠡᠢ ᠪᠠᠢᠨ᠎ᠠ᠃
— ᠬᠠᠩᠭᠠᠯᠲᠠᠲᠠᠢ ᠴᠡᠪᠡᠷᠬᠡᠨ ᠪᠠᠢᠨ᠎ᠠ ᠠᠮᠵᠢᠯᠲᠠ ᠬᠦᠰᠡᠶ᠎ᠡ᠂ ᠠᠵᠢᠯᠴᠢᠳ ᠨᠢ ᠴᠠᠯᠢᠩ ᠢ᠋ᠶ᠋ᠠᠨ ᠴᠠᠭ ᠲᠤᠬᠠᠢ ᠳ᠋ᠤ᠌ ᠨᠢ ᠠᠪᠳᠠᠭ᠂ ᠠᠵᠢᠯᠴᠢᠳ ᠤ᠋ᠨ ᠠᠵᠠ ᠵᠢᠷᠭᠠᠯ ᠤ᠋ᠨ ᠦᠵᠡᠭᠦᠯᠦᠯᠲᠡ᠂ ᠲᠡᠭᠡᠬᠦ ᠪᠡᠷ ᠠᠵᠢᠯᠴᠢᠳ ᠤ᠋ᠨ ᠠᠵᠠ ᠵᠢᠷᠭᠠᠯ ᠤ᠋ᠨ ᠦᠵᠡᠭᠦᠯᠦᠯᠲᠡ ᠪᠠᠭ᠎ᠠ ᠭᠡᠳᠡᠭ ᠡᠴᠡ ᠪᠤᠰᠤᠳ ᠰᠢᠯᠭᠠᠯᠲᠠ ᠳ᠋ᠤ᠌ ᠲᠠ ᠲᠡᠩᠴᠡᠵᠦ ᠪᠠᠢᠨ᠎ᠠ᠃
—ᠦᠭᠡᠢ ᠪᠠᠢᠯᠭᠦᠢ᠂ ᠮᠠᠨ ᠤ᠋ ᠠᠵᠢᠯᠴᠢᠳ ᠵᠢᠷᠭᠠᠯᠲᠠᠢ᠂ ᠬᠠᠮᠤᠭ ᠤ᠋ᠨ ᠵᠢᠷᠭᠠᠯᠲᠠᠢ ᠠᠵᠢᠯᠴᠢᠳ᠂ ᠲᠡᠢᠮᠦ ᠠ᠋!
—ᠡᠷᠬᠢᠮ ᠠ᠋᠂ ᠡᠨᠡ ᠠᠵᠢᠯᠴᠢᠨ ᠴᠢᠨᠢ ᠵᠢᠷᠭᠠᠯᠲᠠᠢ ᠬᠠᠷᠠᠭᠳᠠᠵᠤ ᠪᠠᠢᠨ᠎ᠠ ᠤᠤ? ᠠᠵᠢᠯ ᠤ᠋ᠨ ᠪᠠᠢᠷᠢ ᠶ᠋ᠢᠨ ᠪᠠᠶᠠᠷ ᠪᠠᠶᠠᠰᠤᠯ ᠢ᠋ ᠰᠡᠷᠭᠦᠭᠡᠬᠦ ᠡᠴᠡ ᠨᠠᠭᠠᠰᠢ ᠵᠠᠰᠠᠭ ᠤ᠋ᠨ ᠭᠠᠵᠠᠷ ᠤ᠋ᠨ ᠲᠡᠳᠬᠦᠮᠵᠢ ᠠᠪᠬᠤ ᠱᠠᠭᠠᠷᠳᠠᠯᠭ᠎ᠠ ᠶ᠋ᠢ ᠬᠠᠩᠭᠠᠬᠤ ᠦᠭᠡᠢ ᠪᠠᠢᠨ᠎ᠠ᠂ ᠪᠦᠭᠦᠳᠡᠭᠡᠷ ᠢ᠋ᠶ᠋ᠡᠨ ᠡᠳᠦᠷ ᠢ᠋ ᠰᠠᠢᠬᠠᠨ ᠥᠩᠭᠡᠷᠡᠭᠦᠯᠦᠭᠡᠷᠡᠢ!
—ᠭᠡᠬᠦ ᠳ᠋ᠦ᠍ ᠪᠡᠨ᠁ ᠭᠡᠬᠦ ᠳ᠋ᠦ᠍ ᠪᠡᠨ᠂ ᠬᠦᠯᠢᠶᠡᠵᠦ ᠪᠠᠢ᠂ ᠨᠠᠳᠠ ᠳ᠋ᠤ᠌ ᠲᠡᠷᠡ ᠮᠥᠩᠭᠥ ᠬᠡᠷᠡᠭᠲᠡᠢ ᠰᠢᠳᠡ᠂ ᠪᠠᠰᠠ ᠠᠬᠢᠭᠠᠳ ᠯᠠ᠁
ᠴᠢᠮ᠎ᠠ ᠠ᠋ᠴᠠ ᠪᠣᠯᠵᠤ ᠮᠠᠨ ᠤ᠋ ᠬᠢ ᠨᠢᠭᠡ ᠴᠤ᠌
ᠲᠡᠳᠬᠦᠮᠵᠢ ᠠᠪᠴᠤ ᠴᠢᠳᠠᠳᠠᠭ ᠦᠭᠡᠢ ᠂ ᠮᠠᠨ ᠤ᠋ ᠦᠰᠦᠴᠢᠨ ᠪᠣᠯ ᠪᠠᠶᠠᠷ ᠬᠥᠷ ᠲᠡᠢ ᠠᠵᠢᠯ ᠤ᠋ᠨ ᠪᠠᠢᠷᠢ᠃
ᠠᠢ᠁ ᠵᠦᠭᠡᠷ
ᠢᠨᠢᠶᠡᠮᠰᠦᠭᠯᠡᠴᠢᠬᠡᠵᠦ ᠪᠣᠯᠳᠠᠭ ᠦᠭᠡᠢ ᠶᠦᠮ ᠤᠤ! ᠮᠢᠨᠦ ᠲᠡᠨᠡᠭ ᠴᠢᠷᠠᠢ ᠳ᠋ᠤ᠌ ᠴᠤ᠌ ᠢᠨᠢᠶᠡᠭᠰᠡᠨ ᠦᠭᠡᠢ᠃
— ᠬᠡ ᠬᠡ ᠬᠡ᠂ ᠨᠣᠶᠠᠨ ᠲᠠᠯᠬ᠎ᠠ ᠠ᠋᠂ ᠴᠢ ᠶᠠᠮᠠᠷ ᠢᠨᠢᠶᠡᠳᠦ ᠲᠡᠢ ᠶᠦᠮ ᠪᠣᠢ᠂
— ᠶᠠᠭᠠᠬᠢᠭᠰᠠᠨ ᠶᠤᠮ᠂
ᠪᠢ ᠢᠨᠢᠶᠡᠳᠦ ᠲᠡᠢ ᠪᠢᠰᠢ ᠪᠠᠢᠨ᠎ᠠ ᠤᠤ?
— ᠪᠠᠢᠵᠠᠭᠠᠷᠠᠢ! ᠪᠢ ᠢᠨᠢᠶᠡᠯᠭᠡᠵᠦ ᠦᠵᠡᠶ᠎ᠡ᠂ ᠬᠠᠷᠠ ᠳᠠ᠂ ᠥᠨᠥᠳᠥᠷ ᠲᠠᠨ ᠢ᠋ ᠵᠠᠪᠠᠯ ᠢᠨᠢᠶᠡᠯᠭᠡᠨ᠎ᠡ ᠳᠡ᠂ ᠴᠢᠨᠦ ᠭᠡᠳᠡᠭᠡ ᠬᠦᠷᠴᠦ ᠪᠠᠢᠨ᠎ᠠ ᠤᠤ?
—ᠶᠠᠭᠠᠬᠢᠭᠠᠳ ᠴᠤ᠌ ᠨᠡᠮᠡᠷᠢ ᠦᠭᠡᠢ ᠶᠦᠮ ᠰᠢᠭ ᠪᠠᠢᠨ᠎ᠠ ᠃
ᠠ᠂ ᠬᠠ᠁ ᠱᠣᠺᠣ ᠶ᠋ᠢ ᠬᠠᠮᠤᠭ ᠤ᠋ᠨ ᠲᠦᠷᠦᠭᠦᠨ ᠳ᠋ᠦ᠍ ᠢᠨᠢᠶᠡᠯᠭᠡᠪᠡᠯ ᠳᠣᠯᠣᠭᠠᠨ
ᠳ᠋ᠣᠯᠯᠠᠷ ᠤ᠋ᠨ ᠱᠠᠩᠨᠠᠯ ᠲᠠᠢ᠃
ᠬᠡ ᠁ ᠪᠦᠭᠦᠳᠡ ᠬᠠᠮᠢᠭᠠᠰᠢ ᠪᠠᠨ ᠠᠯᠠᠭ᠎ᠠ ᠪᠣᠯᠴᠢᠬᠠᠪᠠ? ᠰᠦ᠂ ᠴᠢ ᠭᠠᠳᠠᠭ᠎ᠠ ᠲᠡᠮᠳᠡᠭ ᠲᠠᠯᠪᠢᠭᠰᠠᠨ ᠪᠢᠵᠡ ᠳᠡ!
— ᠲᠠᠯᠪᠢᠬᠤ ᠦᠭᠡᠢ ᠶᠠᠭᠠᠬᠢᠬᠤᠪ! ᠳᠣᠯᠣᠭᠠᠨ ᠳ᠋ᠣᠯᠯᠠᠷ ᠤ᠋ᠨ ᠲᠥᠯᠥᠭᠡ ᠬᠡᠨ ᠴᠦ᠍ ᠢᠷᠡᠬᠦ ᠦᠭᠡᠢ ᠰᠢᠳᠡ᠂
— ᠬᠥᠶᠢ᠂ ᠡᠨᠳᠡ ᠳᠣᠯᠣᠭᠠᠨ ᠳ᠋ᠣᠯᠯᠠᠷ ᠲᠠᠢ ᠪᠣᠯᠵᠤ ᠪᠣᠯᠤᠨ᠎ᠠ ᠭᠡᠰᠡᠨ ᠤᠤ?
— ᠵᠥᠴᠥᠭᠡᠴᠢᠳ ᠦ᠋ᠨ ᠬᠤᠪᠢ ᠳ᠋ᠤ᠌ ᠬᠡᠴᠡᠭᠦᠦ ᠦᠶ᠎ᠡ ᠪᠠᠢᠨ᠎ᠠ᠂ ᠶᠡᠬᠡ ᠮᠥᠩᠭᠥ ᠰᠢᠦ᠂
— ᠬᠡ ᠬᠡ ᠪᠢ ᠣᠷᠣᠵᠤ ᠢᠨᠢᠶᠡᠯᠭᠡᠨ᠎ᠡ᠁
— ᠵᠠ᠂ ᠲᠠᠪᠠᠲᠠᠢ ᠮᠣᠷᠢᠯᠠᠵᠠᠭ᠎ᠠ! ᠳᠣᠯᠣᠭᠠᠨ ᠳ᠋ᠣᠯᠯᠠᠷ ᠤ᠋ᠨ ᠰᠦᠫᠸᠷ ᠱᠠᠩᠨᠠᠯ ᠤ᠋ᠨ ᠲᠥᠯᠥᠭᠡ ᠱᠣᠺᠣ ᠶ᠋ᠢ ᠢᠨᠢᠶᠡᠯᠭᠡᠬᠦ ᠲᠡᠮᠡᠴᠡᠭᠡᠨ ᠡᠬᠢᠯᠡᠯ᠎ᠡ᠂ ᠠᠯᠢ ᠪᠣᠢ? ᠠᠯᠢ ᠤᠤ?
ᠢᠩᠭᠢᠭᠡᠳ ᠡᠬᠢᠨ ᠦ᠌ ᠥᠷᠢᠰᠦᠯᠳᠦᠭᠴᠢ ᠪᠡᠨ ᠲᠠᠨᠢᠯᠴᠠᠭᠤᠯᠤᠶ᠎ᠠ᠂ ᠦᠮᠡᠬᠡᠢ ᠦᠨᠦᠷ ᠲᠡᠢ᠂ ᠬᠡᠳᠦᠢ ᠴᠦ᠍ ᠳᠡᠩᠳᠡᠭᠦᠦ ᠬᠥᠭᠡᠷᠦᠬᠦᠨ ᠴᠢᠷᠠᠢ ᠲᠠᠢ ᠪᠢᠰᠢᠯᠠᠭ ᠃
— ᠱᠣᠺᠣ᠂ ᠪᠢ ᠴᠢᠮ᠎ᠠ ᠳ᠋ᠤ᠌ ᠲᠠᠲᠠᠭᠠᠯᠵᠠᠬᠤ ᠠᠷᠭ᠎ᠠ ᠦᠭᠡᠢ ᠶᠠᠭᠤᠮ᠎ᠠ ᠠᠪᠴᠢᠷᠠᠭᠰᠠᠨ᠂ ᠬᠠᠷᠠ ᠠ᠋!
—ᠠ᠂ ᠤᠬᠠᠭᠠᠯᠢᠭ ᠤᠲᠠᠰᠤ ᠶ᠋ᠢ ᠵᠡᠪᠰᠡᠭ ᠢ᠋ᠶ᠋ᠡᠨ ᠪᠣᠯᠭᠠᠨ ᠰᠣᠩᠭᠣᠵᠤ ᠪᠠᠢᠨ᠎ᠠ᠃
— ᠢᠨᠢᠶᠡᠳᠦᠮ ᠰᠠᠮᠰᠠᠢᠲ ᠴᠤᠪᠤᠷᠠᠯ ᠤ᠋ᠨ ᠬᠠᠮᠤᠭ ᠤ᠋ᠨ ᠰᠡᠭᠦᠯ ᠳ᠋ᠦ᠍ ᠭᠠᠷᠤᠭᠰᠠᠨ ᠠᠩᠭᠢ ᠶ᠋ᠢ ᠦᠵᠡᠭᠦᠯᠦᠶ᠎ᠡ᠂᠂
— ᠴᠢᠨᠦ ᠴᠢᠷᠠᠢ ᠶ᠋ᠢ ᠳᠤᠷᠠᠯᠠᠭᠠᠳ ᠪᠠᠢᠭ᠎ᠠ ᠨᠢ ᠢᠨᠢᠶᠡᠳᠦ ᠶ᠋ᠢᠨ ᠰᠢᠪᠠᠭᠤ ᠤᠤ?
— ᠡᠨᠡ ᠨᠢ ᠢᠨᠢᠶᠡᠬᠦ ᠦᠭᠡᠢ ᠪᠠᠢᠨ᠎ᠠ ᠭᠡᠵᠦ ᠪᠠᠢᠬᠤ ᠦᠭᠡᠢ ᠰᠢᠲᠠ᠃
—ᠬᠠᠷᠠ ᠳᠠ᠂ ᠡᠨᠡ ᠰᠢᠪᠠᠭᠤ ᠶᠠᠩᠵᠤ ᠶ᠋ᠢᠨ ᠭᠣᠶᠣ᠂ ᠢᠨᠢᠶᠡᠳᠦ ᠲᠡᠢ ᠭᠣᠶᠣ᠃
—ᠦᠭᠡᠢ᠂ ᠮᠢᠨᠦ ᠰᠣᠨᠢᠷᠬᠠᠯ ᠪᠢᠰᠢ
—ᠦᠭᠡᠢ ᠪᠠᠢᠯᠭᠦᠢ ᠳᠡ᠂ ᠡᠨᠡ ᠰᠢᠪᠠᠭᠤᠨ ᠳ᠋ᠤ᠌ ᠪᠦᠭᠦᠳᠡ ᠳᠤᠷᠠᠲᠠᠢ ᠪᠠᠢᠳᠠᠭ ᠰᠢᠲᠠ᠂ ᠬᠡ ᠬᠡ ᠡᠯᠢᠭᠡ ᠬᠥᠰᠢᠭᠡᠯ᠎ᠡ ᠰᠢᠳᠡ᠂ ᠬᠠ ᠬᠠ ᠬᠠ ᠪᠤᠯᠢᠭᠠᠴᠢ ᠳᠠ ᠬᠠ ᠬᠠ ᠬᠠ᠂
— ᠡᠨᠡ ᠳ᠋ᠦ᠍ᠭᠡᠷ ᠢ᠋ᠶ᠋ᠡᠷ ᠥᠷᠢᠰᠦᠯᠳᠦᠭᠴᠢ
ᠭᠠᠭᠴᠠ ᠪᠢᠰᠢᠯᠠᠭ ᠱᠠᠭᠠᠷᠳᠠᠯᠭ᠎ᠠ ᠶ᠋ᠢ ᠪᠡᠶᠡᠯᠡᠭᠦᠯᠵᠦ ᠴᠢᠳᠠᠭᠰᠠᠨ ᠦᠭᠡᠢ᠃
ᠵᠠ! ᠳᠠᠷᠠᠭᠠᠴᠢ ᠶ᠋ᠢᠨ ᠥᠷᠢᠰᠦᠯᠳᠦᠭᠴᠢ ᠰᠠᠶ᠎ᠠ ᠳ᠋ᠣᠯᠯᠠᠷ ᠤ᠋ᠨ ᠴᠢᠷᠠᠢ ᠁ ᠭᠡᠬᠦ ᠳ᠋ᠦ᠍ ᠪᠡᠨ ᠬᠡᠳᠦ ᠬᠠᠯᠠᠭᠤᠨ ᠲᠸᠮᠪᠤᠷᠲᠡᠭᠦᠷ ᠲᠦ᠍ ᠪᠣᠯ ᠲᠦᠯᠡᠭᠳᠡᠨ᠎ᠡ ᠰᠣᠨᠣᠰᠤᠶ᠎ᠠ!
ᠬᠥᠥᠭ᠂ ᠦᠨᠡᠬᠡᠷ ᠶᠠᠩᠵᠤ ᠲᠠᠢ ᠵᠠᠯᠠᠭᠤ ᠳᠠ᠂
— ᠭᠡᠷᠡᠯ ᠵᠢᠷᠤᠭ ᠤ᠋ᠨ ᠳᠡᠭᠡᠷ᠎ᠡ ᠰᠠᠢᠬᠠᠨ ᠭᠠᠷᠤᠨ᠎ᠠ ᠳᠠ᠃
—ᠲᠡᠢᠮᠦ ᠠ᠋ ᠬᠠᠢᠷᠴᠠᠭ ᠲᠤ᠌ ᠪᠠᠨ ᠣᠷᠣᠭᠤᠯᠬᠤ ᠶᠤᠮ ᠰᠠᠨ᠂
— ᠰᠠᠢᠨ ᠤᠤ? ᠱᠣᠺᠣ ᠠ᠋᠂ ᠪᠢ ᠴᠢᠮ᠎ᠠ ᠶ᠋ᠢ ᠢᠨᠢᠶᠡᠯᠭᠡᠬᠦ ᠪᠡᠷ ᠢᠷᠡᠯ᠎ᠡ᠂ ᠱᠣᠺᠣ᠂ ᠴᠢ ᠮᠢᠨᠦ ᠭᠤᠸᠠᠮᠢᠶᠠᠨ ᠪᠣᠯ᠂ ᠪᠢ ᠪᠢᠰᠢᠯᠠᠭ ᠪᠣᠯᠤᠶ᠎ᠠ᠂ ᠱᠣᠺᠣ᠂ ᠴᠢᠮ᠎ᠠ ᠶ᠋ᠢ ᠬᠥᠭᠡᠰᠦᠨ ᠰᠢᠬᠢᠷ ᠲᠡᠭᠡᠷᠮᠡᠳᠡᠭᠰᠡᠨ ᠭᠤᠯᠢᠷ ᠢ᠋ᠶ᠋ᠠᠷ ᠬᠢᠭᠰᠡᠨ ᠶᠦᠮ᠂
ᠶᠠᠭᠠᠬᠢᠭᠠᠳ ᠭᠡᠪᠡᠯ ᠪᠢ ᠴᠢᠮ᠎ᠠ ᠲᠠᠢ ᠳᠠᠬᠢᠭᠠᠳ ᠠᠭᠤᠯᠵᠠᠮᠠᠷ ᠪᠠᠢᠨ᠎ᠠ ᠃ ᠴᠢ ᠬᠦᠢᠲᠡᠨ ᠤᠮᠳᠠᠭ᠎ᠠ ᠤᠤ? ᠶᠠᠭᠠᠬᠢᠭᠠᠳ ᠭᠡᠪᠡᠯ ᠤᠮᠳᠠᠭᠠᠨ ᠰᠢᠭ᠋ ᠠᠮᠲᠠᠲᠠᠢ᠂ ᠰᠢᠩᠭᠡᠭᠡᠭᠰᠡᠨ ᠲᠡᠷᠡ ᠦᠨᠦᠷ ᠲᠦ᠍
ᠳᠤᠷᠠᠲᠠᠢ ᠤᠤ? ᠴᠡᠴᠡᠭ ᠲᠦ᠍ ᠠᠮᠠᠷᠬᠠᠨ ᠬᠠᠢᠯᠳᠠᠭ ᠭᠡᠳᠡᠭ ᠂ ᠴᠢᠨᠦ ᠲᠥᠯᠥᠭᠡ ᠦᠬᠦᠵᠦ ᠴᠢᠳᠠᠭᠰᠠᠨ ᠴᠤ᠌ ᠶᠠᠭᠠᠬᠢᠬᠤᠪ !
ᠱᠣᠺᠣ ᠠ᠋᠂
— ᠬᠡᠩ᠁ ᠪᠢᠲᠡᠭᠡᠢ ᠰᠢᠷᠣᠢ ᠬᠢᠭᠡᠳ ᠪᠠᠢ᠂
— ᠠᠢ᠂ ᠮᠠᠨ ᠤ᠋ ᠬᠣᠶᠠᠳᠠᠬᠢ ᠥᠷᠢᠰᠦᠯᠳᠦᠭᠴᠢ ᠪᠠᠰᠠ ᠯᠠ ᠴᠢᠳᠠᠭᠰᠠᠨ ᠦᠭᠡᠢ ᠳᠡ᠃
— ᠡᠢᠮᠦ ᠶᠠᠭᠤᠮ᠎ᠠ ᠪᠠᠷ ᠢᠨᠢᠶᠡᠯᠭᠡᠨ᠎ᠡ ᠭᠡᠵᠦ ᠪᠣᠳᠣᠵᠤ ᠯᠠ ᠪᠠᠢᠳᠠᠭ᠃ ᠬᠡᠩ᠁
—ᠣᠳᠣ ᠠᠯᠠᠭ᠎ᠠ ᠲᠠᠰᠢᠨ᠎ᠠ ᠤᠤ? ᠠ᠁
—ᠪᠢ ᠳᠠᠷᠠᠭᠠᠴᠢ ᠶ᠋ᠢᠨ ᠬᠢᠨ᠂ ᠬᠡ ᠬᠡ ᠳᠣᠯᠣᠭᠠᠨ ᠳ᠋ᠣᠯᠯᠠᠷ ᠮᠢᠨᠦᠬᠢ᠂ ᠪᠦᠭᠦᠳᠡ ᠮᠢᠨᠦᠬᠢ᠂ ᠢᠨᠢᠶᠡ !
ᠬᠤᠷᠳᠤᠯᠠ ᠦᠭᠡᠢ ᠪᠣᠯ᠄
—ᠦᠭᠡᠢ ᠪᠣᠯ ᠶᠠᠭᠤ ᠬᠢᠬᠦ ᠶᠦᠮ!
—ᠦᠭᠡᠢ ᠪᠣᠯ ᠬᠠᠷᠠᠮᠰᠠᠨ᠎ᠠ ᠭᠡᠵᠦ ᠮᠡᠳᠡᠭᠡᠷᠡᠢ᠂ ᠴᠢ ᠥᠪᠡᠷ ᠢ᠋ᠶ᠋ᠡᠨ ᠬᠡᠯᠡᠭᠰᠡᠨ ᠰᠢᠦ!
— ᠠ᠋ ᠬᠡ ᠬᠡ ᠬᠢ ᠬᠢ
—ᠴᠢᠮᠡᠭᠡ ᠦᠭᠡᠢ ᠪᠠᠢ᠂ ᠢᠨᠢᠶᠡᠳᠦ ᠲᠡᠢ ᠪᠠᠢᠨ᠎ᠠ ᠤᠤ᠂ ᠲᠠ ᠨᠠᠷ ᠲᠤ᠌ ᠨᠠᠭᠠᠳᠤᠬᠢ ᠢᠨᠢᠶᠡᠳᠦ ᠶ᠋ᠢ ᠴᠢᠨᠢ ᠵᠠᠰᠠᠭᠠᠳ ᠥᠭᠭᠦᠶ᠎ᠡ᠂
ᠬᠦᠢ᠂ ᠨᠠᠭᠠᠳᠤᠬᠢ ᠮᠥᠩᠭᠥ ᠪᠡᠨ ᠥᠭ ᠂ ᠭᠠᠳᠠᠭᠰᠢ ᠪᠠᠨ ᠭᠠᠷᠬᠤ ᠳ᠋ᠤ᠌ ᠪᠠᠨ ᠬᠡᠷᠡᠭᠯᠡᠶ᠎ᠡ!
— ᠮᠠᠨ ᠤ᠋ ᠭᠤᠷᠪᠠᠳᠠᠬᠢ ᠥᠷᠢᠰᠦᠯᠳᠦᠭᠴᠢ᠂ ᠪᠢᠲᠡᠭᠡᠢ ᠯᠡ ᠢᠩᠭᠢᠵᠦ ᠢᠷᠡᠭᠡᠰᠡᠢ! ᠭᠡᠬᠦ ᠳ᠋ᠦ᠍ ᠪᠡᠨ ᠲᠡᠮᠡᠴᠡᠭᠡᠨ ᠥᠷᠢᠰᠦᠯᠳᠦᠭᠡᠨ ᠲᠡᠢ ᠪᠣᠯᠵᠤ ᠪᠠᠢᠨ᠎ᠠ ᠰᠢᠦ᠂ ᠳᠠᠷᠠᠭᠠᠴᠢ ᠶ᠋ᠢᠨ ᠥᠷᠢᠰᠦᠯᠳᠦᠭᠴᠢᠳ ᠢ᠋ᠶ᠋ᠡᠨ ᠬᠠᠯᠠᠭᠤᠨ ᠳᠣᠲᠣᠨᠣ ᠪᠠᠷ ᠤᠭᠲᠤᠨ ᠠᠪᠴᠠᠭᠠᠶ᠎ᠠ!
—ᠯᠠ ᠯᠠ᠁
—ᠨᠢᠭᠡ ᠬᠣᠶᠠᠷ ᠨᠢᠭᠡ ᠬᠣᠶᠠᠷ᠁
— ᠠᠢ! ᠱᠣᠺᠣ ᠶ᠋ᠢ ᠬᠡᠨ ᠴᠦ᠍ ᠢᠨᠢᠶᠡᠮᠰᠦᠭᠯᠡᠭᠦᠯᠵᠦ ᠴᠢᠳᠠᠬᠤ ᠦᠭᠡᠢ ᠶᠦᠮ ᠰᠢᠭ ᠪᠠᠢᠨ᠎ᠠ᠃
— ᠵᠠᠷᠢᠮ ᠨᠢᠭᠡ ᠨᠠᠷᠢᠨ ᠪᠣᠣᠪᠣ ᠪᠤᠰᠤᠳ ᠰᠢᠭ᠋ ᠵᠢᠷᠭᠠᠯᠲᠠᠢ ᠪᠠᠢᠳᠠᠭ ᠦᠭᠡᠢ ᠪᠣᠯᠤᠯᠲᠠᠢ᠂ ᠬᠡᠨ ᠴᠦ᠍ ᠢᠯᠠᠭᠰᠠᠨ ᠦᠭᠡᠢ᠂ ᠡᠨᠡ ᠲᠡᠮᠡᠴᠡᠭᠡᠨ ᠢ᠋ ᠢᠩᠭᠢᠭᠡᠳ ᠳᠠᠭᠤᠰᠬᠠᠶ᠎ᠠ ᠳᠠ!
—ᠢᠯᠡᠭᠡᠮᠵᠢ ᠢᠷᠡᠯ᠎ᠡ!
— ᠱᠣᠺᠣ ᠮᠥᠨ ᠪᠢᠵᠡ ᠳᠡ? ᠲᠠᠨ ᠳ᠋ᠤ᠌ ᠢᠯᠡᠭᠡᠮᠵᠢ ᠢᠷᠡᠭᠰᠡᠨ ᠪᠠᠢᠨ᠎ᠠ᠃
—ᠠ᠁
— ᠡᠷᠬᠢᠮ ᠠ᠋ ᠂ ᠬᠠᠷᠠᠵᠤ ᠪᠠᠢᠨ᠎ᠠ ᠤᠤ? ᠱᠣᠺᠣ
ᠢᠨᠢᠶᠡᠮᠰᠦᠭᠯᠡᠵᠦ ᠪᠠᠢᠨ᠎ᠠ᠃ ᠲᠡᠢᠮᠦ ᠤᠤ? ᠢᠨᠢᠶᠡᠭᠡᠳ ᠪᠠᠶᠠᠷᠯᠠᠵᠤ ᠪᠠᠢᠨ᠎ᠠ ᠃
—ᠲᠠᠯᠬᠠᠨ ᠤ᠋ ᠵᠠᠬᠢᠶᠠᠯᠠᠭ᠎ᠠ ᠶ᠋ᠢᠨ ᠵᠥᠪᠬᠡᠨ ᠣᠩᠭᠣᠨ ᠵᠠᠬᠢᠶᠠᠯᠠᠭᠴᠢ ᠱᠣᠺᠣ ᠶ᠋ᠢ ᠪᠠᠶᠠᠷᠯᠠᠭᠤᠯᠳᠠᠭ ᠶᠤᠮ ᠪᠠᠢᠨ᠎ᠠ᠃
— ᠰᠠᠢᠨ ᠤᠤ? ᠱᠣᠺᠣ ᠶ᠋ᠢ ᠢᠨᠢᠶᠡᠯᠭᠡᠬᠦ ᠲᠡᠮᠡᠴᠡᠭᠡᠨ ᠦ᠌ ᠢᠯᠠᠭᠴᠢ ᠪᠣᠯ᠄
ᠰᠡᠳᠬᠦᠯ ᠦ᠋ᠨ ᠠᠵᠢᠯᠲᠠᠨ ᠠ᠋!
—ᠪᠠᠶᠠᠷ ᠬᠦᠷᠭᠡᠶ᠎ᠡ᠂ ᠡᠨᠡ ᠱᠠᠩᠨᠠᠯ ᠤ᠋ᠨ
ᠳᠣᠯᠣᠭᠠᠨ ᠳ᠋ᠣᠯᠯᠠᠷ ᠴᠢᠨᠦᠬᠢ ᠪᠣᠯᠤᠯ᠎ᠠ᠃

   ᠦᠰᠦᠭ ᠠᠮᠢᠯᠠᠭᠤᠯᠤᠭᠴᠢ᠄ ᠲᠦᠮᠡᠳ ᠣᠨᠳᠣᠷᠮ᠎ᠠ
   ᠦᠰᠦᠭ ᠬᠠᠳᠠᠭᠴᠢ᠄ ᠲᠣᠳᠣᠭᠡᠷᠡᠯ
   ᠦᠰᠦᠭ ᠬᠢᠨᠠᠭᠴᠢ᠄ ᠲᠥᠮᠨᠨᠴᠡᠴᠡᠭ᠂ ᠡᠩᠬᠡ᠂ ᠣᠶᠤᠨᠴᠡᠴᠡᠭ᠂ ᠣᠳᠬᠠᠨᠰᠣ᠎ᠡ᠂
   ᠬᠠᠲᠠᠴᠢ·ᠤᠷᠠᠨ᠎ᠠ᠂ ᠢᠷᠡᠭᠡᠳᠦᠢ᠃