ᠣᠷᠳᠣᠰ ᠤ᠋ᠨ ᠤᠨᠠᠭᠠᠨ ᠪᠠᠶᠠᠷ( ᠵᠤᠯᠠᠭ) ᠤ᠋ᠨ ᠠᠵᠢᠷᠭ᠎ᠠ ᠮᠣᠷᠢᠨ ᠤ᠋ ᠲᠡᠷᠢᠭᠦᠨ- ᠬᠡᠷᠡᠢᠳ ᠦ᠋ᠨ ᠬᠡᠢᠷᠦᠪ ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠳᠣᠰ ᠤ᠋ᠨ ᠤᠨᠠᠭᠠᠨ ᠪᠠᠶᠠᠷ( ᠵᠤᠯᠠᠭ) ᠤ᠋ᠨ ᠠᠵᠢᠷᠭ᠎ᠠ ᠮᠣᠷᠢᠨ ᠤ᠋ ᠲᠡᠷᠢᠭᠦᠨ- ᠬᠡᠷᠡᠢᠳ ᠦ᠋ᠨ ᠬᠡᠢᠷᠦᠪ

ᠣᠷᠳᠣᠰ ᠤ᠋ᠨ ᠤᠨᠠᠭᠠᠨ ᠪᠠᠶᠠᠷ( ᠵᠤᠯᠠᠭ) ᠤ᠋ᠨ ᠠᠵᠢᠷᠭ᠎ᠠ ᠮᠣᠷᠢᠨ ᠤ᠋ ᠲᠡᠷᠢᠭᠦᠨ- ᠬᠡᠷᠡᠢᠳ ᠦ᠋ᠨ ᠬᠡᠢᠷᠦᠪ

2023-10-14

442

ᠣᠷᠳᠣᠰ ᠤ᠋ᠨ ᠤᠨᠠᠭᠠᠨ ᠪᠠᠶᠠᠷ( ᠵᠤᠯᠠᠭ) ᠤ᠋ᠨ ᠠᠵᠢᠷᠭ᠎ᠠ ᠮᠣᠷᠢᠨ ᠤ᠋ ᠲᠡᠷᠢᠭᠦᠨ

  ᠢᠷᠥᠭᠡᠯᠴᠢ ᠬᠣᠨᠵᠢᠨ᠄ ᠬᠡᠷᠡᠢᠳ ᠪ ᠬᠡᠢᠷᠦᠪ 
ᠤᠸᠮ ᠰᠠᠢᠨ ᠠᠮᠤᠭᠤᠯᠠᠩ ᠲᠠᠨ ᠪᠣᠯᠲᠤᠭᠠᠢ! 
ᠡᠩᠬᠡ ᠰᠠᠢᠨ ᠵᠢᠷᠭᠠᠯᠠᠩ ᠲᠠᠨ ᠪᠣᠯᠲᠤᠭᠠᠢ! 
ᠠᠯᠤᠰ ᠬᠣᠯᠠ ᠭᠠᠵᠠᠷ ᠡᠴᠡ 
ᠠᠭᠤᠳᠠᠮ ᠶᠡᠬᠡ ᠲᠠᠯ᠎ᠠ ᠪᠡᠷ 
ᠠᠵᠢᠷᠭ᠎ᠠ ᠮᠣᠷᠢᠳ ᠢ ᠰᠢᠯᠭᠠᠪᠠᠰᠤ 
ᠠᠩᠬᠠᠨ ᠲᠡᠷᠢᠭᠦᠨ ᠮᠠᠩᠯᠠᠢᠯᠠᠭᠰᠠᠨ 
ᠰᠠᠷᠠᠭᠤᠯ ᠨᠤᠲᠤᠭ ᠤᠨ ᠨᠠᠭᠠᠳᠤᠮ ᠳᠤ 
ᠰᠠᠢᠨ ᠤᠴᠠᠷᠠᠯᠲᠤ ᠵᠤᠯᠠᠭ( ᠣᠪᠣᠭᠠᠨ) ᠤᠨ ᠨᠠᠢᠷ ᠳᠡᠭᠡᠷ᠎ᠡ
ᠰᠠᠭᠠᠳᠠᠯ ᠦᠭᠡᠢ ᠲᠡᠷᠢᠭᠦᠯᠡᠭᠰᠡᠨ
ᠰᠠᠢᠬᠠᠨ ᠮᠣᠷᠢ ᠬᠡᠨ ᠦ ᠬᠢ ᠭᠡᠪᠡᠯ
ᠣᠷᠳᠣᠰ ᠨᠤᠲᠤᠭ ᠲᠠᠭᠠᠨ
ᠣᠳᠣ ᠰᠣᠳᠣ ᠨᠢ ᠪᠣᠯᠤᠭᠰᠠᠨ
ᠥᠩᠭᠡ ᠭᠡᠷᠡᠯᠲᠦ ᠵᠢᠱ᠌ᠢᠶᠡᠴᠢ ᠮᠠᠯᠴᠢᠨ ᠤ
ᠣᠩᠭᠣᠨ ᠬᠡᠭᠡᠭᠴᠢ ᠭᠡᠭᠦᠦ ᠶ᠋ᠢᠨ ᠤᠨᠠᠭ᠎ᠠ ᠶᠤᠮ᠃
ᠡᠢᠮᠦ ᠭᠠᠢᠬᠠᠮᠰᠢᠭᠲᠤ ᠠᠵᠢᠷᠭ᠎ᠠ ᠮᠣᠷᠢᠨ ᠤ᠋
ᠡᠷᠳᠡᠮ ᠴᠣᠯᠠ ᠶᠢ ᠡᠷᠭᠦᠮᠵᠢᠯᠡᠨ ᠮᠠᠭᠲᠠᠪᠠᠰᠤ
ᠤᠨᠤᠭᠰᠠᠨ ᠬᠥᠮᠦᠨ ᠦ᠌ ᠬᠢᠨᠢ ᠬᠡᠢᠮᠣᠷᠢ ᠮᠠᠨᠳᠤᠵᠤ
ᠤᠷᠤᠯᠳᠤᠭᠰᠠᠨ ᠭᠠᠵᠠᠷ ᠨᠡᠷ᠎ᠡ ᠠᠯᠳᠠᠷᠰᠢᠨ
ᠦᠵᠡᠭᠰᠡᠨ ᠪᠦᠭᠦᠳᠡ ᠶᠢᠨ ᠰᠡᠳᠬᠢᠯ᠎ ᠢ ᠪᠠᠶᠠᠰᠬᠠᠵᠤ
※ ᠦᠰᠦᠷᠦᠭᠰᠡᠨ ᠳᠠᠷᠤᠢ ᠦᠨᠡᠭᠡ ᠭᠦᠢᠴᠡᠮᠡᠷ 
ᠬᠥᠨᠲᠥᠷᠦᠭᠰᠡᠨ ᠭᠠᠵᠠᠷ ᠠᠴᠠ ᠨᠢ ᠪᠤᠯᠠᠭ ᠤᠰᠤ ᠪᠤᠷᠭᠢᠯᠵᠤ
ᠬᠥᠷᠪᠡᠭᠰᠡᠨ ᠭᠠᠵᠠᠷ ᠠᠴᠠ ᠨᠢ ᠨᠠᠪᠴᠢ ᠴᠡᠴᠡᠭ ᠳᠡᠯᠭᠡᠷᠡᠵᠦ
ᠠᠭᠤᠯᠠ ᠶᠢ ᠳᠠᠪᠠᠬᠤᠢ ᠳᠤᠷ ᠱᠠᠲᠤ ᠮᠡᠲᠦ
ᠤᠰᠤ ᠶᠢ ᠭᠡᠲᠦᠯᠬᠦᠢ ᠳᠤᠷ ᠣᠩᠭᠣᠴᠠ ᠮᠡᠲᠦ
ᠲᠦᠮᠡᠨ ᠠᠭᠲᠠ ᠶᠢᠨ ᠳᠣᠲᠣᠷ᠎ᠠ ᠠᠴᠠ
ᠲᠦᠳᠡᠯ ᠦᠭᠡᠢ ᠲᠡᠷᠢᠭᠦᠯᠡᠭᠰᠡᠨ
ᠮᠢᠩᠭᠠᠨ ᠬᠦᠯᠦᠭ ᠤᠨ ᠳᠤᠮᠳᠠ ᠠᠴᠠ
ᠮᠢᠲᠠᠯ ᠦᠭᠡᠢ ᠮᠠᠩᠯᠠᠢᠯᠠᠭᠰᠠᠨ
ᠲᠥᠷᠥ ᠤᠯᠤᠰ ᠎ᠲᠤ᠌ ᠪᠡᠨ ᠲᠡᠭᠦᠰ ᠵᠢᠪᠬᠤᠯᠠᠩ
ᠲᠦᠮᠡᠨ ᠥᠯᠵᠡᠢ ᠮᠢᠩᠭᠠᠨ ᠵᠢᠷᠭᠠᠯᠠᠩ
ᠠᠯᠢᠪᠠ ᠡᠷᠳᠡᠮ ᠴᠢᠳᠠᠯ ᠪᠦᠷᠢᠳᠦᠭᠰᠡᠨ
ᠠᠯᠲᠠᠨ ᠰᠠᠨᠳᠠᠯᠢ ᠭᠡᠭᠴᠢ 
ᠡᠨᠡ ᠮᠠᠭᠠᠳ ᠮᠥᠨ ᠪᠣᠯᠲᠤᠭᠠᠢ!
ᠲᠡᠷᠡ ᠪᠡᠯᠭᠡ ᠪᠡᠷ ᠪᠣᠯᠲᠤᠭᠠᠢ!
※ᠡᠨᠡ ᠨᠢᠭᠡ ᠮᠥᠷ ᠦᠰᠦᠭ ᠬᠠᠶᠠᠭᠳᠠᠭᠰᠠᠨ ᠢ᠋ ᠨᠥᠬᠥᠵᠦ ᠪᠢᠴᠢᠯ᠎ᠡ᠃
ᠲᠣᠳᠣᠷᠬᠠᠢᠯᠠᠬᠤ ᠨᠢ: ᠡᠨᠡ ᠬᠦ᠌ ᠢᠷᠦᠭᠡᠯ ᠢ᠋(1958)ᠣᠨ  ᠳ᠋ᠤ᠌  ᠲᠤᠭ ᠰᠤᠮᠤᠨ ᠤ᠋ ᠱᠦᠵᠢ  ᠪᠠᠢᠭᠰᠠᠨ ᠠᠷᠯᠠᠳ ᠤᠨ ᠴ᠂ ᠬᠠᠰᠪᠢᠯᠢᠭ᠌ᠲᠦ ᠡᠮᠬᠢᠳᠬᠡᠵᠦ᠂ ᠲᠤᠭ  ᠰᠤᠮᠤᠨ ᠤ  ᠪᠠᠶᠠᠨᠨᠠᠭᠤᠷ ᠤᠨ ᠪᠠᠭᠠᠵᠢᠳᠠᠢ ᠳ᠋ᠤ᠌ ᠨᠤᠲᠤᠭ ᠲᠠᠢ ᠠᠭᠤᠤᠯ ᠬᠣᠨᠵᠢᠨ  ᠰᠡᠳᠢᠪᠠᠶᠠᠷ᠂ ᠪᠠᠲᠤᠮᠥᠢᠩᠬᠡ᠂ ᠲᠤᠭ ᠰᠤᠮᠤᠨ ᠤ ᠨᠠᠷᠢᠨ ᠪᠢᠴᠢᠭᠡᠴᠢ ᠪᠠᠶᠠᠨᠰᠡᠷᠡᠩ ᠨᠠᠷ ᠡᠴᠡ ᠪ᠂ ᠬᠡᠢᠷᠦᠪ  ᠠᠶ᠎ᠠ ᠶ᠋ᠢ ᠨᠢ ᠰᠤᠷᠴᠤ ᠠᠪᠤᠭᠠᠳ ᠲᠤᠭ ᠰᠤᠮᠤᠨ ᠤ《 ᠠᠨᠰᠠᠮᠪᠯᠢ》ᠶᠢᠨ ᠵᠣᠬᠢᠶᠠᠭᠰᠠᠨ《ᠣᠷᠳᠣᠰ  ᠤ᠋ᠨ ᠤᠨᠠᠭᠠᠨ ᠪᠠᠶᠠᠷ》ᠬᠡᠮᠡᠬᠦ ᠳᠠᠭᠤᠯᠠᠯᠲᠤ ᠪᠥᠵᠢᠭ ᠳᠡᠭᠡᠷ᠎ᠡ  ᠢᠷᠥᠭᠡᠵᠦ ᠬᠣᠰᠢᠭᠤ᠂ ᠠᠢᠮᠠᠭ᠂ ᠣᠷᠣᠨ ᠬᠦᠷᠲᠡᠯ᠎ᠡ ᠲᠣᠭᠯᠠᠯᠲᠠ ᠪᠠᠨ ᠭᠠᠷᠭᠠᠵᠤ  ᠺᠢᠨᠣ᠋ ᠰᠡᠭᠦᠳᠡᠷᠯᠡᠵᠦ ᠳᠡᠭᠡᠳᠦ ᠱᠠᠲᠤᠨ ᠤ᠋ ᠱᠠᠩᠨᠠᠯ ᠬᠥᠬᠢᠭᠦᠯᠦᠯ ᠢ᠋ ᠣᠯᠤᠭᠰᠠᠨ ᠲᠡᠦᠬᠡ ᠲᠡᠢ ᠪᠢᠯᠡ᠃
   ᠦᠰᠦᠭ ᠠᠮᠢᠯᠠᠭᠤᠯᠤᠭᠴᠢ  ᠬᠠᠳᠠᠭᠴᠢ᠄ ᠬᠡᠷᠡᠶ᠋ᠢᠳ ᠨᠠᠷᠠᠰᠤ
   ᠬᠢᠨᠠᠭᠴᠢ᠄ ᠢᠷᠡᠭᠡᠳᠦᠢ