ᠮᠥᠩᠬᠡ ᠬᠠᠭᠠᠨ ᠤ᠋ ᠬᠥᠰᠢᠭᠡᠨ ᠦ᠌ ᠪᠢᠴᠢᠭᠡᠰᠦ-ᠮᠣᠩᠭᠣᠯ ᠪᠠᠬᠠᠷᠬᠠᠯ - ᠳ᠋ᠤᠭᠠᠷ3 Дугаар 3 - Мөнх хааны хөшөөний бичээс - Монгол бахархал ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠬᠡ ᠬᠠᠭᠠᠨ ᠤ᠋ ᠬᠥᠰᠢᠭᠡᠨ ᠦ᠌ ᠪᠢᠴᠢᠭᠡᠰᠦ-ᠮᠣᠩᠭᠣᠯ ᠪᠠᠬᠠᠷᠬᠠᠯ - ᠳ᠋ᠤᠭᠠᠷ3 Дугаар 3 - Мөнх хааны хөшөөний бичээс - Монгол бахархал

ᠮᠥᠩᠬᠡ ᠬᠠᠭᠠᠨ ᠤ᠋ ᠬᠥᠰᠢᠭᠡᠨ ᠦ᠌ ᠪᠢᠴᠢᠭᠡᠰᠦ-ᠮᠣᠩᠭᠣᠯ ᠪᠠᠬᠠᠷᠬᠠᠯ - ᠳ᠋ᠤᠭᠠᠷ3 Дугаар 3 - Мөнх хааны хөшөөний бичээс - Монгол бахархал

ᠠᠩᠭᠢᠯᠠᠯ:ᠲᠡᠦᠬᠡ ᠰᠣᠶᠣᠯ
2022-03-06

2263

ᠮᠥᠩᠬᠡ ᠬᠠᠭᠠᠨ ᠤ᠋ ᠲᠣᠪᠴᠢ ᠨᠠᠮᠲᠠᠷ

ᠮᠥᠩᠬᠡ ᠬᠠᠭᠠᠨ (1209 ᠣᠨ ᠤ᠋ 1 ᠰᠠᠷ᠎ᠠ ᠶ᠋ᠢᠨ 10 ᠡᠳᠦᠷ — 1259 ᠣᠨ ᠤ᠋ 8 ᠰᠠᠷ᠎ᠠ ᠶ᠋ᠢᠨ 11 ᠦ᠌ ᠡᠳᠦᠷ) ᠨᠢ ᠶᠡᠬᠡ ᠮᠣᠩᠭᠣᠯ ᠤᠯᠤᠰ ᠤ᠋ᠨ ᠳᠥᠷᠪᠡᠳᠡᠬᠢ (1251 ᠣᠨ ᠤ᠋ 6 ᠰᠠᠷ᠎ᠠ ᠶ᠋ᠢᠨ 1 ᠡᠴᠡ 1259 ᠣᠨ ᠤ᠋ 8 ᠰᠠᠷ᠎ᠠ ᠶ᠋ᠢᠨ 11) ᠶᠡᠬᠡ ᠬᠠᠭᠠᠨ ᠪᠠᠢᠪᠠ᠃ ᠮᠥᠩᠬᠡ ᠬᠠᠭᠠᠨ ᠤ᠋ ᠦᠶ᠎ᠡ ᠳ᠋ᠦ᠍ ᠭᠠᠳᠠᠭᠠᠳᠤ ᠣᠷᠣᠨ ᠨᠤᠭᠤᠳ ᠠ᠋ᠴᠠ ᠠᠪᠪᠠᠰᠤᠳ ᠤ᠋ᠨ ᠬᠠᠯᠢᠹᠲ ᠤᠯᠤᠰ᠂ ᠰᠢᠷᠢ ᠳ᠋ᠡᠬᠢ ᠬᠣᠲᠠ ᠨᠤᠭᠤᠳ᠂ ᠳᠠᠯᠢ ᠤᠯᠤᠰ᠂ ᠡᠮᠦᠨᠡᠲᠦ ᠰᠥᠩ ᠤᠯᠤᠰ᠂ ᠭᠠᠤᠯᠢᠨ ᠤᠯᠤᠰ ᠵᠡᠷᠭᠡ ᠣᠯᠠᠨ ᠤᠯᠤᠰ ᠤ᠋ᠳ ᠢ᠋ ᠪᠠᠢᠯᠳᠤᠨ ᠳᠠᠭᠠᠭᠤᠯᠤᠨ ᠮᠣᠩᠭᠣᠯ ᠤ᠋ᠨ ᠡᠵᠡᠨᠲᠦ ᠭᠦᠷᠦᠨ ᠦ᠌ ᠶᠡᠬᠡ ᠬᠠᠭᠠᠳ ᠤ᠋ᠨ ᠨᠢᠭᠡ ᠪᠠᠢᠭᠰᠠᠨ ᠶᠤᠮ᠃

ᠶᠡᠬᠡ ᠬᠠᠲᠤᠨ ᠬᠤᠲᠤᠭᠤᠢ ᠬᠠᠲᠤᠨ
ᠬᠡᠦᠬᠡᠳ ᠪᠠᠯᠲᠤ᠂ ᠤᠷᠠᠨᠳᠠᠰᠢ᠂ ᠰᠢᠷᠭᠢ᠂ ᠠᠰᠤᠲᠠᠢ
ᠡᠴᠢᠭᠡ ᠲᠤᠯᠤᠢ
ᠡᠬᠡ ᠰᠣᠷᠬᠠᠭᠲᠠᠨᠢ ᠪᠡᠬᠢ
ᠤᠯᠤᠰ ᠪᠣᠷᠵᠢᠭᠢᠨ

ᠵᠠᠯᠠᠭᠤ ᠨᠠᠰᠤ
ᠮᠥᠩᠬᠡ ᠬᠠᠭᠠᠨ ᠨᠢ ᠶᠤᠸᠠᠨ ᠤᠯᠤᠰ ᠤ᠋ᠨ ᠰᠤᠳᠤᠷ ᠲᠤ᠌ ᠲᠡᠮᠳᠡᠭᠯᠡᠭᠰᠡᠨ ᠢ᠋ᠶ᠋ᠡᠷ 1209 ᠣᠨ ᠳ᠋ᠤ᠌ ᠴᠢᠩᠭᠢᠰ ᠬᠠᠭᠠᠨ ᠤ᠋ ᠣᠳᠬᠣᠨ ᠬᠥᠪᠡᠭᠦᠨ ᠲᠤᠯᠤᠢ ᠶ᠋ᠢᠨ ᠶᠡᠬᠡ ᠬᠠᠲᠤᠨ ᠰᠣᠷᠬᠠᠭᠲᠠᠨᠢ ᠪᠡᠬᠢ  ᠶᠢᠨ ᠠᠬᠠᠮᠠᠳ ᠬᠥᠪᠡᠭᠦᠨ ᠪᠣᠯᠵᠤ ᠮᠡᠨᠳᠦᠯᠡᠵᠡᠢ᠃ ᠬᠦᠯᠢᠭ᠂ ᠠᠷᠠᠭᠪᠤᠬᠡ ᠪᠠ ᠬᠤᠪᠢᠯᠠᠢ ᠬᠠᠭᠠᠨ ᠤ᠋ ᠠᠬ᠎ᠠ ᠪᠠᠢᠪᠠ᠃ ᠴᠢᠩᠭᠢᠰ ᠬᠠᠭᠠᠨ ᠤ᠋ ᠶᠡᠬᠡ ᠲᠩᠷᠢ ᠬᠥᠭᠡᠴᠢ ᠰᠢᠨᠡᠬᠡᠨ ᠮᠡᠨᠳᠦᠯᠡᠭᠰᠡᠨ ᠬᠦᠦ ᠳ᠋ᠦ᠍ ᠲᠡᠭᠦᠨ ᠦ᠌ ᠭᠡᠷᠡᠯᠲᠦ ᠢᠷᠡᠭᠡᠳᠦᠢ ᠶ᠋ᠢ ᠪᠡᠯᠭᠡᠳᠡᠵᠦ ᠮᠥᠩᠬᠡ ᠭᠡᠳᠡᠭ ᠨᠡᠷ᠎ᠡ ᠶ᠋ᠢ ᠬᠠᠢᠷᠠᠯᠠᠵᠠᠢ᠃ ᠮᠣᠩᠭᠣᠯ ᠭᠦᠷᠦᠨ ᠢ᠋ ᠲᠤᠬᠠᠢ ᠶ᠋ᠢᠨ ᠦᠶ᠎ᠡ ᠶ᠋ᠢᠨ ᠳᠡᠯᠡᠬᠡᠢ ᠶ᠋ᠢᠨ ᠬᠠᠮᠤᠭ ᠤ᠋ᠨ ᠲᠣᠮᠣ ᠶᠡᠬᠡ ᠭᠦᠷᠦᠨ ᠦ᠌ ᠬᠡᠮᠵᠢᠶᠡᠨ ᠳ᠋ᠦ᠍ ᠬᠦᠷᠭᠡᠭᠰᠡᠨ ᠬᠠᠭᠠᠳ ᠲᠡᠭᠦᠨ ᠦ᠌ ᠨᠢᠭᠡᠳᠦᠮᠡᠯ ᠪᠠᠢᠳᠠᠯ ᠢ᠋ ᠬᠠᠳᠠᠭᠠᠯᠠᠨ ᠴᠢᠳᠠᠭᠰᠠᠨ ᠲᠥᠷᠥ ᠶ᠋ᠢᠨ ᠭᠣᠣᠯ ᠵᠢᠳᠬᠦᠯᠲᠡᠨ ᠪᠠᠢᠵᠠᠢ᠃ ᠮᠥᠩᠬᠡ ᠬᠠᠭᠠᠨ ᠡᠮᠦᠨ᠎ᠡ ᠵᠦᠭ ᠬᠢᠲᠠᠳ ᠲᠤ᠌ ᠪᠠᠢᠯᠳᠤᠨ ᠳᠠᠭᠠᠭᠤᠯᠤᠯ ᠬᠢᠵᠦ ᠶᠠᠪᠤᠭᠠᠳ 1259 ᠣᠨ ᠤ᠋ ᠰᠢᠷᠭᠠᠴᠢᠨ ᠬᠣᠨᠢᠨ ᠵᠢᠯ ᠴᠦᠩᠴᠢᠩ ᠬᠣᠲᠠ ᠶ᠋ᠢᠨ ᠣᠢᠷᠠᠯᠴᠠᠭ᠎ᠠ ᠳᠢᠶᠣ ᠢᠦᠢ ᠠᠭᠤᠯᠠᠨ ᠳ᠋ᠤ᠌ ᠨᠠᠰᠤ ᠪᠠᠷᠠᠵᠠᠢ᠃
ᠨᠠᠮᠲᠠᠷ
ᠶᠡᠬᠡ ᠮᠣᠩᠭᠣᠯ ᠤᠯᠤᠰ ᠤ᠋ᠨ ᠬᠠᠭᠠᠨ ᠮᠥᠩᠬᠡ ᠨᠢ ᠲᠤᠯᠤᠢ ᠶ᠋ᠢᠨ ᠤᠤᠭᠠᠨ ᠬᠦᠦ ᠪᠥᠭᠡᠳ ᠲᠢᠪ ᠲᠩᠷᠢ ᠪᠥᠬᠡ ᠶ᠋ᠢᠨ ᠤᠷᠢᠳᠴᠢᠯᠠᠨ ᠬᠡᠯᠡᠭᠰᠡᠨ ᠢ᠋ᠶ᠋ᠡᠷ ᠮᠥᠩᠬᠡ ᠲᠩᠷᠢ ᠶ᠋ᠢᠨ ᠰᠢᠨ᠎ᠡ ᠡᠷᠬᠢᠮ ᠬᠦᠨᠳᠦᠲᠦ ᠬᠥᠮᠦᠨ ᠠᠵᠤᠭᠤ᠃ ᠦᠨᠡᠬᠡᠷ ᠴᠤ᠌ ᠨᠠᠷᠠ ᠰᠢᠭ᠋ ᠢ᠋ᠶ᠋ᠡᠨ ᠮᠥᠩᠬᠡ ᠭᠠᠪᠢᠶ᠎ᠠ ᠶ᠋ᠢ ᠪᠠᠢᠭᠤᠯᠤᠭᠰᠠᠨ ᠨᠢᠭᠡᠨ᠃ ᠢᠳᠡ ᠵᠠᠯᠠᠭᠤ 22 ᠨᠠᠰᠤᠨ ᠠ᠋ᠴᠠ ᠪᠠᠨ ᠥᠭᠡᠳᠡᠢ ᠬᠠᠭᠠᠨ ᠢ᠋ ᠳᠠᠭᠠᠵᠤ 1230 ᠣᠨ ᠳ᠋ᠤ᠌ ᠬᠣᠵᠢᠮ ᠤ᠋ᠨ ᠬᠣᠣᠷᠲᠤ ᠳᠠᠢᠰᠤᠨ ᠪᠥᠭᠡᠳ ᠡᠪᠦᠭᠡ ᠳᠡᠭᠡᠳᠦᠰ ᠴᠢᠩᠭᠢᠰ ᠪᠣᠭᠳᠠ ᠶ᠋ᠢᠨ ᠢ᠋ᠶ᠋ᠡᠨ ᠪᠠᠢᠩᠭᠤ ᠰᠠᠨᠠᠭᠤᠯᠵᠤ ᠪᠠᠢᠭᠰᠠᠨ ᠠᠯᠲᠠᠨ ᠤᠯᠤᠰ ᠢ᠋ ᠳᠠᠢᠯᠠᠬᠤ ᠪᠠᠷ ᠮᠣᠷᠳᠠᠭᠰᠠᠨ ᠢ᠋ᠶ᠋ᠠᠷ ᠮᠥᠩᠬᠡ ᠶ᠋ᠢᠨ ᠠᠶᠠᠨ ᠡᠬᠢᠯᠡᠭᠰᠡᠨ ᠭᠡᠵᠦ ᠬᠡᠯᠡᠵᠦ ᠪᠣᠯᠬᠤ ᠶᠤᠮ᠃ ᠤᠳᠠᠯ ᠦᠭᠡᠢ ᠠᠯᠲᠠᠨ ᠤᠯᠤᠰ ᠢ᠋ ᠮᠥᠬᠥᠭᠡᠭᠡᠳ ᠳᠥᠷᠪᠡᠨ ᠵᠢᠯ ᠦ᠋ᠨ ᠬᠣᠢᠨ᠎ᠠ ᠲᠥᠷᠥᠯᠬᠢ ᠮᠣᠩᠭᠣᠯ ᠳ᠋ᠤ᠌ ᠪᠠᠨ ᠡᠷᠭᠢᠨ ᠢᠷᠡᠪᠡ᠃ ᠡᠴᠢᠭᠡ ᠲᠤᠯᠤᠢ ᠨᠢ ᠨᠠᠰᠤ ᠪᠠᠷᠠᠭᠰᠠᠨ ᠲᠤᠯᠠ ᠮᠥᠩᠬᠡ ᠳ᠋ᠦ᠍ ᠥᠭᠡᠳᠡᠢ ᠬᠠᠷᠢᠶᠠᠲᠤ ᠢᠷᠭᠡᠨ ᠢ᠋ ᠬᠤᠪᠢᠶᠠᠨ ᠥᠭᠭᠦᠭᠡᠳ ᠡᠴᠢᠭᠡ ᠶ᠋ᠢᠨ ᠬᠢᠨᠢ ᠣᠷᠳᠣᠨ ᠲᠡᠰᠢ ᠪᠤᠴᠠᠭᠠᠵᠠᠢ᠃
ᠮᠥᠩᠬᠡ ᠬᠠᠭᠠᠨ ᠤ᠋ ᠡᠳ᠋ ᠦ᠋ᠨ ᠵᠠᠰᠠᠭ ᠤ᠋ᠨ ᠪᠣᠳᠣᠯᠭ᠎ᠠ
ᠮᠥᠩᠬᠡ ᠬᠠᠭᠠᠨ ᠮᠣᠩᠭᠣᠯ ᠤ᠋ᠨ ᠡᠵᠡᠨᠲᠦ ᠭᠦᠷᠦᠨ ᠦ᠌ ᠬᠥᠮᠦᠨ ᠠᠮᠠ ᠶ᠋ᠢᠨ ᠲᠣᠭ᠎ᠠ ᠶ᠋ᠢ ᠭᠠᠷᠭᠠᠬᠤ ᠠ᠋ᠴᠠ ᠭᠠᠳᠠᠨ᠎ᠠ ᠪᠦᠬᠦ ᠡᠳ᠋ ᠪᠠᠶᠠᠯᠢᠭ ᠤ᠋ᠨ ᠨᠥᠭᠡᠴᠡ ᠶ᠋ᠢ ᠲᠣᠭᠠᠯᠠᠨ ᠭᠠᠷᠭᠠᠭᠰᠠᠨ ᠪᠠᠢᠳᠠᠭ ᠲᠡᠷᠡ ᠪᠠᠷ᠎ᠠ ᠬᠥᠮᠦᠨ ᠠᠮᠠ ᠶ᠋ᠢᠨ ᠲᠣᠭᠠᠯᠠᠯᠭ᠎ᠠ ᠶ᠋ᠢ ᠠᠯᠪᠠ ᠲᠠᠲᠠᠪᠤᠷᠢ ᠠᠪᠬᠤ ᠵᠣᠷᠢᠯᠭ᠎ᠠ ᠪᠠᠷ ᠪᠤᠰᠤ ᠥᠪᠡᠷᠰᠡᠳ ᠦ᠋ᠨ ᠡᠷᠬᠡᠰᠢᠶᠡᠯ ᠳ᠋ᠦ᠍ ᠪᠣᠢ ᠣᠷᠣᠨ ᠨᠤᠭᠤᠳ ᠤ᠋ᠨ ᠪᠦᠬᠦ ᠨᠥᠭᠡᠴᠡ ᠪᠠᠶᠠᠯᠢᠭ ᠤ᠋ᠨ ᠬᠡᠮᠵᠢᠶ᠎ᠡ ᠶ᠋ᠢ ᠲᠣᠳᠣᠷᠬᠠᠢᠯᠠᠵᠤ᠂ ᠲᠡᠳᠡᠭᠡᠷ ᠢ᠋ ᠦᠷ᠎ᠡ ᠳ᠋ᠦᠩ ᠲᠡᠢ ᠠᠰᠢᠭᠯᠠᠬᠤ ᠠᠷᠭ᠎ᠠ ᠵᠠᠮ ᠢ᠋ ᠡᠷᠢᠯᠬᠢᠯᠡᠵᠦ ᠪᠠᠢᠭᠰᠠᠨ ᠤ᠋ ᠢᠯᠡᠷᠡᠯ ᠶᠦᠮ᠃ ᠥᠷᠭᠡᠨ ᠠᠭᠤᠳᠠᠮ ᠭᠠᠵᠠᠷ ᠨᠤᠲᠤᠭ ᠪᠦᠬᠦᠢ ᠡᠵᠡᠨᠲᠦ ᠭᠦᠷᠦᠨ ᠦ᠌ ᠬᠥᠮᠦᠨ ᠠᠮᠠ ᠶ᠋ᠢ ᠵᠥᠪᠬᠡᠨ ᠨᠢᠭᠡ ᠤᠳᠠᠭ᠎ᠠ ᠶ᠋ᠢᠨ ᠠᠰᠢᠭ ᠲᠤ᠌ ᠴᠢᠭᠯᠡᠭᠰᠡᠨ ᠦᠢᠯᠡ ᠠᠵᠢᠯᠯᠠᠭ᠎ᠠ ᠪᠤᠰᠤ ᠤᠷᠲᠤ ᠤᠳᠠᠭᠠᠨ ᠬᠤᠭᠤᠴᠠᠭᠠᠨ ᠤ᠋ ᠲᠤᠷᠰᠢᠲᠠ ᠰᠢᠰᠲ᠋ᠧᠮ ᠲᠡᠢ ᠪᠡᠷ ᠠᠰᠢᠭᠯᠠᠬᠤ ᠪᠣᠳᠣᠯᠭ᠎ᠠ ᠶ᠋ᠢ ᠶᠠᠪᠤᠭᠤᠯᠵᠤ ᠪᠠᠢᠵᠠᠢ᠃ ᠲᠡᠭᠦᠨ ᠡᠴᠡ ᠡᠮᠦᠨᠡᠬᠢ ᠬᠠᠭᠠᠳ ᠮᠣᠩᠭᠣᠯᠴᠤᠳ ᠤ᠋ᠨ ᠡᠷᠲᠡᠨ ᠦ᠌ ᠬᠡᠰᠢᠭ ᠲᠠᠷᠠᠭᠠᠬᠤ ᠵᠠᠷᠴᠢᠮ ᠢ᠋ ᠪᠠᠷᠢᠮᠲᠠᠯᠠᠵᠤ ᠪᠠᠢᠭᠰᠠᠨ ᠪᠣᠯ ᠮᠥᠩᠬᠡ ᠬᠠᠭᠠᠨ ᠲᠥᠪᠯᠡᠷᠡᠭᠰᠡᠨ ᠲᠣᠭᠠᠴᠠᠨ ᠳᠡᠭᠡᠷ᠎ᠡ ᠰᠠᠭᠤᠷᠢᠯᠠᠭᠰᠠᠨ ᠤᠳᠤᠷᠢᠳᠤᠯᠭ᠎ᠠ ᠶ᠋ᠢ ᠡᠵᠡᠨᠲᠦ ᠭᠦᠷᠦᠨ ᠳ᠋ᠦ᠍ ᠨᠡᠪᠲᠡᠷᠡᠭᠦᠯᠦᠭᠰᠡᠨ ᠶᠦᠮ᠃
ᠡᠭᠦᠨ ᠢ᠋ ᠬᠡᠷᠡᠭᠵᠢᠭᠦᠯᠬᠦ ᠶ᠋ᠢᠨ ᠲᠤᠯᠠᠳᠠ ᠡᠬᠢᠨ ᠦ᠌ ᠡᠭᠡᠯᠵᠢᠨ ᠳ᠋ᠦ᠍ ᠬᠥᠮᠦᠨ ᠠᠮᠠ ᠶ᠋ᠢᠨ ᠲᠣᠭᠠᠯᠠᠯᠭ᠎ᠠ ᠶ᠋ᠢ ᠶᠠᠪᠤᠭᠤᠯᠵᠤ ᠨᠥᠭᠡᠴᠡ ᠪᠠᠶᠠᠯᠢᠭ ᠤ᠋ᠨ ᠬᠡᠮᠵᠢᠶ᠎ᠡ ᠶ᠋ᠢ ᠲᠣᠳᠣᠷᠬᠠᠢᠯᠠᠭᠰᠠᠨ ᠤ᠋ ᠳᠠᠷᠠᠭ᠎ᠠ ᠲᠡᠳᠡᠭᠡᠷ ᠢ᠋ ᠠᠰᠢᠭᠯᠠᠬᠤ᠂ ᠠᠯᠪᠠ ᠲᠠᠲᠠᠪᠤᠷᠢ ᠠᠪᠬᠤ ᠦᠢᠯᠡ ᠠᠵᠢᠯᠯᠠᠭ᠎ᠠ ᠶ᠋ᠢ ᠶᠠᠪᠤᠭᠤᠯᠵᠤ ᠪᠠᠢᠪᠠ᠃ ᠡᠨᠡ ᠨᠢ ᠮᠥᠩᠬᠡ ᠬᠠᠭᠠᠨ ᠤ᠋ ᠲᠠᠲᠠᠪᠤᠷᠢ ᠶ᠋ᠢᠨ ᠰᠢᠨᠡᠴᠢᠯᠡᠯ ᠪᠠᠢᠭᠰᠠᠨ ᠶᠤᠮ᠃
ᠮᠥᠩᠬᠡ ᠡᠵᠡᠨᠲᠦ ᠭᠦᠷᠦᠨ ᠦ᠌ ᠡᠳ᠋ ᠦ᠋ᠨ ᠵᠠᠰᠠᠭ ᠤ᠋ᠨ ᠨᠢᠭᠡᠨ ᠴᠢᠬᠤᠯᠠ ᠵᠦᠢᠯ ᠪᠣᠯᠬᠤ ᠬᠤᠳᠠᠯᠳᠤᠭ᠎ᠠ ᠶ᠋ᠢ ᠴᠡᠭᠴᠡᠯᠡᠵᠦ᠂ ᠣᠷᠣᠳᠠᠭ ᠬᠤᠳᠠᠯᠳᠤᠭᠠᠴᠢᠳ ᠲᠤ᠌ ᠲᠠᠲᠠᠪᠤᠷᠢ ᠨᠣᠭᠳᠠᠭᠤᠯᠵᠤ᠂ ᠲᠡᠳᠡᠨ ᠦ᠌ ᠠᠷᠠᠳ ᠢᠷᠭᠡᠳ ᠢ᠋ ᠱᠤᠯᠤᠨ ᠳᠡᠭᠡᠷᠡᠮᠳᠡᠬᠦ ᠶᠠᠪᠤᠳᠠᠯ ᠢ᠋ ᠵᠣᠭᠰᠣᠭᠠᠵᠤ᠂ ᠡᠵᠡᠨᠲᠦ ᠭᠦᠷᠦᠨ ᠦ᠌ ᠬᠤᠳᠠᠯᠳᠤᠭ᠎ᠠ ᠶ᠋ᠢ ᠢᠯᠡᠭᠦᠦ ᠵᠣᠬᠢᠶᠠᠨ ᠪᠠᠢᠭᠤᠯᠤᠯᠲᠠ ᠲᠠᠢ ᠪᠣᠯᠭᠠᠭᠰᠠᠨ ᠶᠤᠮ᠃ ᠮᠥᠨ ᠲᠥᠰᠥᠪ ᠦ᠋ᠨ ᠠᠯᠳᠠᠭᠳᠠᠯ ᠪᠤᠶᠤ ᠢᠵᠠᠭᠤᠷᠲᠠᠨ ᠨᠣᠶᠠᠳ ᠤ᠋ᠨ ᠲᠠᠩᠰᠤᠭ ᠬᠡᠷᠡᠭᠯᠡᠭᠡ ᠪᠣᠯᠤᠨ ᠣᠷᠣᠳᠠᠭ ᠬᠤᠳᠠᠯᠳᠤᠭᠠᠴᠢᠳ ᠲᠤ᠌ ᠱᠤᠯᠤᠭᠤᠯᠳᠠᠭ ᠶᠠᠪᠤᠳᠠᠯ ᠢ᠋ ᠲᠠᠰᠤᠯᠤᠨ ᠵᠣᠭᠰᠣᠭᠠᠭᠰᠠᠨ ᠶᠤᠮ᠃ ᠡᠨᠡ ᠪᠦᠬᠦᠨ ᠦ᠌ ᠦᠷ᠎ᠡ ᠳ᠋ᠦᠩ ᠳ᠋ᠦ᠍ ᠮᠣᠩᠭᠣᠯ ᠤ᠋ᠨ ᠡᠵᠡᠨᠲᠦ ᠭᠦᠷᠦᠨ ᠦ᠌ ᠡᠳ᠋ ᠦ᠋ᠨ ᠵᠠᠰᠠᠭ ᠰᠠᠢᠵᠢᠷᠠᠵᠤ ᠥᠷᠥᠨ᠎ᠡ ᠳᠣᠷᠣᠨ᠎ᠠ ᠶ᠋ᠢ ᠬᠣᠯᠪᠣᠭᠰᠠᠨ ᠬᠤᠳᠠᠯᠳᠤᠭ᠎ᠠ ᠲᠡᠳᠦᠢ ᠦᠭᠡᠢ ᠰᠣᠶᠣᠯ ᠤ᠋ᠨ ᠰᠣᠯᠢᠯᠴᠠᠭ᠎ᠠ ᠶᠡᠬᠡᠬᠡᠨ ᠢᠳᠡᠪᠵᠢᠬᠦ ᠦᠨᠳᠦᠰᠦ ᠶ᠋ᠢ ᠲᠡᠷᠡ ᠪᠡᠷ ᠲᠠᠯᠪᠢᠭᠰᠠᠨ ᠶᠤᠮ᠃
ᠭᠠᠳᠠᠭᠠᠳᠤ ᠪᠣᠳᠣᠯᠭ᠎ᠠ
ᠲᠡᠭᠦᠨ ᠢ᠋ ᠬᠠᠭᠠᠨ ᠰᠠᠭᠤᠭᠰᠠᠨ ᠠ᠋ᠴᠠ ᠡᠬᠢᠨ ᠦ᠌ ᠦᠶ᠎ᠡ ᠳ᠋ᠦ᠍ ᠭᠠᠤᠯᠢᠨ ᠤᠯᠤᠰ᠂ ᠰᠥᠩ ᠤᠯᠤᠰ᠂ ᠧᠦ᠋ᠷᠣᠫᠠ ᠠ᠋ᠴᠠ ᠹᠷᠠᠨᠼᠢ ᠶ᠋ᠢᠨ ᠯ ᠳᠦᠣᠸᠢᠭ ᠬᠠᠭᠠᠨ ᠤ᠋ ᠡᠯᠴᠢ ᠸ᠃ ᠷᠦᠪᠠᠷᠰᠺ᠂ ᠠᠷᠮᠧᠨ ᠦ᠌ II ᠬᠧᠲ᠋ᠦᠢᠮ ᠲᠡᠷᠢᠭᠦᠨ ᠲᠡᠢ ᠬᠥᠮᠦᠰ ᠮᠥᠩᠬᠡ ᠬᠠᠭᠠᠨ ᠤ᠋ ᠣᠷᠳᠣᠨ ᠳ᠋ᠤ᠌ ᠢᠷᠡᠵᠦ᠂ ᠶᠠᠮᠠᠷ ᠨᠢᠭᠡᠨ ᠪᠠᠢᠳᠠᠯ ᠢ᠋ᠶ᠋ᠠᠷ ᠬᠠᠷᠢᠯᠴᠠᠭ᠎ᠠ ᠲᠣᠭᠲᠠᠭᠠᠬᠤ ᠶ᠋ᠢ ᠡᠷᠡᠮᠡᠯᠵᠡᠭᠰᠡᠨ ᠪᠠᠢᠳᠠᠭ᠃ ᠡᠨᠡ ᠨᠢ ᠲᠤᠬᠠᠢ ᠶ᠋ᠢᠨ ᠴᠠᠭ ᠲᠤ᠌ ᠪᠠᠨ ᠭᠡᠨᠡᠳᠲᠡ ᠭᠠᠷᠴᠤ ᠢᠷᠡᠭᠰᠡᠨ ᠰᠢᠨᠡᠬᠡᠨ ᠤᠯᠤᠰ ᠤ᠋ᠨ ᠭᠠᠳᠠᠭᠠᠳᠤ ᠪᠣᠳᠣᠯᠭ᠎ᠠ ᠶ᠋ᠢ ᠳᠠᠩᠳᠠᠨ ᠮᠡᠳᠡᠬᠦ᠂ ᠲᠡᠷᠬᠦᠦ ᠪᠣᠳᠣᠯᠭ᠎ᠠ᠂ ᠲᠡᠢᠨ ᠦ᠌ ᠠᠶᠤᠯ ᠠ᠋ᠴᠠ ᠵᠠᠢᠯᠠᠰᠬᠢᠵᠦ ᠪᠣᠯᠬᠤ ᠲᠠᠯ᠎ᠠ ᠪᠠᠷ ᠤᠷᠤᠯᠳᠤᠵᠤ ᠪᠠᠢᠭᠰᠠᠨ᠃
ᠪᠠᠢᠯᠳᠤᠨ ᠳᠠᠭᠠᠭᠤᠯᠤᠯᠲᠠ
ᠮᠥᠩᠬᠡ ᠬᠠᠭᠠᠨ ᠲᠡᠷᠢᠭᠦᠲᠡᠢ ᠶᠡᠬᠡ ᠮᠣᠩᠭᠣᠯ ᠤᠯᠤᠰ ᠤ᠋ᠨ ᠴᠡᠷᠢᠭ ᠦ᠋ᠨ ᠨᠣᠶᠠᠳ ᠳᠠᠷᠠᠭᠠᠬᠢ ᠴᠢᠭᠯᠡᠯ ᠢ᠋ᠶ᠋ᠡᠷ ᠠᠶᠠᠨ ᠲᠡᠢᠨ ᠢ᠋ ᠦᠷᠭᠦᠯᠵᠢᠯᠡᠭᠦᠯᠬᠦ ᠪᠡᠷ ᠲᠥᠯᠥᠪᠯᠡᠵᠦ ᠪᠠᠢᠭᠰᠠᠨ᠃
1255-1257 ᠣᠨ ᠳ᠋ᠤ᠌ ᠬᠤᠪᠢᠯᠠᠢ᠂ ᠤᠷᠢᠶᠠᠩᠬᠠᠳᠠᠢ ᠨᠠᠷ ᠤ᠋ᠨ ᠴᠡᠷᠢᠭ ᠦ᠋ᠨ ᠬᠦᠴᠦ ᠡᠮᠦᠨ᠎ᠡ ᠵᠦᠭ ᠲᠦ᠍ ᠳᠡᠯᠢ ᠤᠯᠤᠰ᠂ ᠰᠥᠩ ᠤᠯᠤᠰ ᠤ᠋ᠨ ᠪᠠᠷᠠᠭᠤᠨ ᠡᠮᠦᠨ᠎ᠡ ᠲᠠᠯ᠎ᠠ ᠶ᠋ᠢᠨ ᠬᠣᠲᠠ ᠨᠤᠭᠤᠳ ᠢ᠋ ᠡᠵᠡᠯᠡᠭᠰᠡᠨ᠃ ᠡᠨᠡ ᠦᠶ᠎ᠡ ᠳ᠋ᠦ᠍ ᠮᠥᠩᠬᠡ ᠬᠠᠭᠠᠨ᠂ ᠨᠡᠢᠰᠯᠡᠯ ᠢ᠋ᠶ᠋ᠡᠨ ᠳᠡᠭᠦᠦ ᠠᠷᠠᠭᠪᠣᠬᠡᠳᠦ ᠦᠯᠡᠳᠡᠭᠡᠵᠦ ᠮᠣᠩᠭᠣᠯ ᠨᠤᠲᠤᠭ ᠤ᠋ᠨ ᠬᠡᠷᠡᠭ ᠢ᠋ ᠵᠠᠬᠢᠷᠤᠭᠤᠯᠤᠭᠠᠳ ᠥᠪᠡᠷ ᠢ᠋ᠶ᠋ᠡᠨ ᠶᠡᠬᠡ ᠴᠡᠷᠢᠭ ᠦ᠋ᠨ ᠬᠦᠴᠦ ᠶ᠋ᠢ ᠠᠪᠴᠤ᠂ ᠡᠮᠦᠨᠡᠲᠦ ᠰᠥᠩ ᠤᠯᠤᠰ ᠤ᠋ᠨ ᠰᠧᠴᠤᠸᠠᠨ ᠮᠣᠵᠢ ᠶ᠋ᠢᠨ ᠨᠤᠲᠤᠭ ᠣᠷᠴᠢᠮ ᠳ᠋ᠤ᠌ ᠳᠠᠭᠠᠷᠢᠨ ᠣᠷᠣᠭᠰᠠᠨ᠃ ᠬᠠᠯᠠᠭᠤᠨ ᠵᠤᠨ ᠢ᠋ ᠦᠯᠦ ᠲᠣᠭᠣᠭᠰᠠᠨ ᠪᠣᠭᠣᠷᠴᠢ ᠥᠷᠯᠥᠭ ᠦ᠋ᠨ ᠠᠴᠢ ᠬᠦᠦ ᠪᠠᠷᠴᠢ ᠨᠠᠷ ᠤ᠋ᠨ ᠵᠠᠩᠵᠤᠳ ᠦᠯᠦ ᠲᠣᠭᠣᠨ ᠪᠠᠢᠯᠳᠤᠭᠰᠠᠭᠠᠷ ᠶᠡᠬᠡ ᠴᠡᠷᠢᠭ ᠦ᠋ᠨ ᠵᠠᠷᠢᠮ ᠬᠡᠰᠡᠭ᠂ ᠪᠠᠷᠴᠢ᠂ ᠲᠣᠭᠣᠭᠠᠨ ᠨᠠᠷ ᠤ᠋ᠨ ᠣᠯᠠᠨ ᠪᠠᠭᠠᠲᠤᠷ ᠤ᠋ᠳ ᠬᠢᠵᠢᠭ ᠡᠪᠡᠳᠴᠢᠨ ᠲᠣᠰᠴᠤ ᠨᠠᠰᠤ ᠪᠠᠷᠠᠬᠤ ᠪᠣᠯᠤᠭᠰᠠᠨ᠃ ᠤᠳᠠᠯ ᠦᠭᠡᠢ 1259 ᠣᠨ ᠤ᠋ 7 ᠰᠠᠷ᠎ᠠ ᠳ᠋ᠤ᠌ ᠴᠦᠩᠴᠢᠩ ᠬᠣᠲᠠ ᠶ᠋ᠢᠨ ᠳᠡᠷᠭᠡᠳᠡ ᠳᠢᠶᠣ ᠢᠦᠢ ᠭᠡᠬᠦ ᠠᠭᠤᠯᠠᠨ ᠳ᠋ᠤ᠌ ᠬᠢᠵᠢᠭ ᠡᠪᠡᠳᠴᠢᠨ ᠢ᠋ᠶ᠋ᠡᠷ ᠲᠩᠷᠢ ᠳ᠋ᠦ᠍ ᠬᠠᠯᠢᠭᠰᠠᠨ᠃ ᠢᠩᠭᠢᠭᠡᠳ ᠲᠤᠰ ᠤᠯᠤᠰ ᠢ᠋ ᠳᠠᠢᠯᠠᠬᠤ ᠴᠡᠷᠢᠭ ᠦ᠋ᠨ ᠭᠣᠣᠯ ᠬᠦᠴᠦ ᠪᠤᠴᠠᠭᠰᠠᠨ᠃ ᠬᠠᠷᠢᠨ ᠬᠤᠪᠢᠯᠠᠢ᠂ ᠤᠷᠢᠶᠠᠩᠬᠠᠳᠠᠢ ᠨᠠᠷ ᠤ᠋ᠨ ᠤᠳᠤᠷᠢᠳᠤᠭᠰᠠᠨ ᠴᠡᠷᠢᠭ ᠦ᠋ᠨ ᠬᠦᠴᠦ ᠦᠯᠡᠳᠡᠵᠦ ᠡᠵᠢᠤ ᠬᠣᠲᠠ ᠶ᠋ᠢᠨ ᠣᠷᠴᠢᠮ ᠳ᠋ᠤ᠌ ᠪᠠᠢᠯᠳᠤᠵᠤ ᠪᠠᠢᠭᠠᠳ 1259-1260 ᠣᠨ ᠤ᠋ ᠣᠷᠴᠢᠮ ᠳ᠋ᠤ᠌ ᠰᠥᠩ ᠤᠯᠤᠰ ᠲᠠᠢ ᠭᠡᠷ᠎ᠡ ᠬᠡᠯᠡᠴᠡᠯ ᠪᠠᠢᠭᠤᠯᠵᠤ᠂ ᠲᠡᠢᠨ ᠢ᠋ ᠵᠣᠭᠰᠣᠭᠠᠭᠰᠠᠨ᠃
ᠳᠡᠯᠡᠬᠡᠢ ᠳ᠋ᠠᠬᠢᠨ ᠢ᠋ ᠪᠠᠢᠯᠳᠤᠨ ᠳᠠᠭᠠᠭᠤᠯᠬᠤ ᠠᠷᠭ᠎ᠠ ᠶ᠋ᠢ ᠮᠥᠩᠬᠡ ᠬᠠᠭᠠᠨ ᠢ᠋ᠶ᠋ᠠᠷ ᠵᠢᠭᠠᠯᠭᠠᠵᠤ ᠰᠤᠷᠬᠤ ᠨᠢ ᠵᠦᠢᠲᠡᠢ ᠭᠡᠵᠦ ᠢᠷᠡᠨ ᠦ᠌ ᠮᠣᠩᠭᠣᠯᠴᠢ ᠡᠷᠳᠡᠮᠲᠡᠨ ᠵᠤᠪᠠᠢᠨᠢ ᠨᠢᠭᠡᠨᠲᠡ ᠬᠡᠯᠡᠭᠰᠡᠨ ᠭᠡᠳᠡᠭ᠃
ᠮᠥᠩᠬᠡ ᠬᠠᠭᠠᠨ ᠤ᠋ ᠱᠠᠰᠢᠨ ᠤ᠋ ᠪᠣᠳᠣᠯᠭ᠎ᠠ
ᠮᠥᠩᠬᠡ ᠬᠠᠭᠠᠨ ᠱᠠᠰᠢᠨ ᠤ᠋ ᠬᠡᠳᠦ ᠦᠵᠡᠯ ᠡᠴᠡ ᠲᠠᠲᠠᠭᠠᠯᠵᠠᠵᠤ᠂ ᠪᠦᠬᠦ ᠱᠠᠰᠢᠨ ᠢ᠋ ᠠᠳᠠᠯᠢ ᠲᠡᠭᠰᠢ ᠪᠠᠢᠯᠭᠠᠵᠤ᠂ ᠡᠮᠦᠨᠡᠬᠢ ᠬᠠᠭᠠᠳ ᠤ᠋ᠨ ᠠᠳᠠᠯᠢ ᠱᠠᠰᠢᠨ ᠢ᠋ᠶ᠋ᠠᠷ ᠳᠠᠮᠵᠢᠭᠤᠯᠤᠨ ᠡᠵᠡᠯᠡᠭᠳᠡᠭᠰᠡᠨ ᠣᠷᠣᠨ ᠨᠤᠭᠤᠳ ᠤ᠋ᠨ ᠬᠥᠮᠦᠨ ᠠᠮᠠ ᠶ᠋ᠢ ᠵᠠᠬᠢᠷᠬᠤ ᠶ᠋ᠢ ᠬᠢᠴᠢᠶᠡᠵᠦ᠂ ᠱᠠᠰᠢᠨ ᠤ᠋ ᠵᠥᠷᠢᠴᠡᠯ ᠡᠴᠡ ᠰᠡᠷᠭᠡᠢᠯᠡᠭᠰᠡᠨ ᠪᠣᠳᠣᠯᠭ᠎ᠠ ᠶᠠᠪᠤᠭᠤᠯᠵᠤ ᠪᠠᠢᠵᠠᠢ᠃ ᠮᠥᠨ ᠱᠠᠰᠢᠨ ᠬᠣᠭᠣᠷᠣᠨᠳᠣ ᠶ᠋ᠢᠨ ᠮᠠᠷᠭᠤᠭᠠᠨ ᠢ᠋ ᠲᠠᠰᠤᠯᠬᠤ᠂ ᠱᠠᠰᠢᠨ ᠨᠤᠭᠤᠳ ᠤ᠋ᠨ ᠦᠨᠡᠨ ᠮᠥᠨ ᠴᠢᠨᠠᠷ ᠢ᠋ ᠲᠠᠨᠢᠬᠤ ᠶ᠋ᠢᠨ ᠲᠤᠯᠠᠳᠠ ᠣᠯᠠᠨ ᠱᠠᠰᠢᠨ ᠤ᠋ ᠮᠡᠳᠡᠭᠡᠯᠡᠴᠢᠬᠡ ᠶ᠋ᠢ ᠵᠣᠬᠢᠶᠠᠨ ᠪᠠᠢᠭᠤᠯᠵᠤ ᠪᠠᠢᠭᠰᠠᠨ ᠵᠡᠷᠭᠡ ᠨᠢ ᠲᠡᠭᠦᠨ ᠦ᠌ ᠱᠠᠰᠢᠨ ᠤ᠋ ᠦᠢᠯᠡ ᠠᠵᠢᠯᠯᠠᠭᠠᠨ ᠤ᠋ ᠵᠥᠪ ᠪᠣᠳᠣᠯᠭ᠎ᠠ ᠶ᠋ᠢᠨ ᠢᠯᠡᠷᠡᠯ ᠶᠦᠮ᠃ ᠡᠨᠡᠬᠦ ᠦᠢᠯᠡ ᠶᠠᠪᠤᠳᠠᠯ ᠢ᠋ ᠰᠤᠳᠤᠯᠤᠭᠠᠴᠢᠳ ᠳᠡᠯᠡᠬᠡᠢ ᠶ᠋ᠢᠨ ᠲᠡᠦᠬᠡᠨ ᠳ᠋ᠦ᠍ ᠠᠩᠬ᠎ᠠ ᠤᠳᠠᠭ᠎ᠠ ᠪᠣᠢ ᠪᠣᠯᠤᠭᠰᠠᠨ ᠦᠢᠯᠡ ᠶᠠᠪᠤᠳᠠᠯ ᠶᠤᠮ ᠭᠡᠵᠦ ᠲᠣᠳᠣᠷᠬᠠᠢᠯᠠᠳᠠᠭ ᠪᠥᠭᠡᠳ ᠲᠡᠭᠦᠨ ᠦ᠌ ᠱᠠᠰᠢᠨ ᠤ᠋ ᠲᠠᠯᠠᠷᠠᠬᠢ ᠪᠣᠳᠣᠯᠭ᠎ᠠ ᠦᠢᠯᠡ ᠠᠵᠢᠯᠯᠠᠭ᠎ᠠ ᠪᠣᠯ ᠡᠵᠡᠨᠲᠦ ᠭᠦᠷᠦᠨ ᠢ᠋ᠶ᠋ᠡᠷ ᠬᠢᠵᠠᠭᠠᠷᠯᠠᠭᠳᠠᠬᠤ ᠪᠤᠰᠤ ᠳᠡᠯᠡᠬᠡᠢ ᠶ᠋ᠢᠨ ᠬᠡᠮᠵᠢᠶᠡᠨ ᠳ᠋ᠦ᠍ ᠬᠡᠷᠡᠭᠵᠢᠵᠦ ᠪᠠᠢᠵᠠᠢ᠃
ᠮᠥᠩᠬᠡ ᠬᠠᠭᠠᠨ ᠤ᠋ ᠭᠡᠷᠡᠯᠲᠦ ᠬᠥᠰᠢᠶ᠎ᠡ
ᠮᠥᠩᠬᠡ ᠬᠠᠭᠠᠨ ᠤ᠋ ᠨᠡᠷ᠎ᠡ ᠪᠡᠷ ᠠᠯᠳᠠᠷᠰᠢᠭᠰᠠᠨ ᠬᠥᠰᠢᠶ᠎ᠡ ᠬᠥᠪᠰᠥᠭᠥᠯ ᠠᠢᠮᠠᠭ ᠤ᠋ᠨ ᠪᠦᠷᠡᠩᠲᠣᠭᠲᠠᠬᠤ ᠰᠤᠮᠤ ᠶ᠋ᠢᠨ ᠠᠷᠤ ᠪᠤᠯᠠᠭ᠂ ᠪᠦᠷᠡᠩᠲᠣᠭᠲᠠᠬᠤ ᠰᠤᠮᠤ ᠶ᠋ᠢᠨ ᠵᠠᠭᠠᠭ᠂ ᠳᠡᠯᠭᠡᠷᠬᠠᠨ ᠠᠭᠤᠯᠠ ᠶ᠋ᠢᠨ ᠥᠪᠥᠷ᠂ ᠳᠡᠯᠭᠡᠷ ᠮᠥᠷᠡᠨ ᠦ᠌ ᠵᠡᠭᠦᠨ ᠬᠣᠢᠲᠤ ᠬᠥᠪᠡᠭᠡᠨ ᠳ᠋ᠡᠬᠢ ᠮᠥᠩᠬᠡ ᠬᠠᠭᠠᠨ ᠤ᠋ ᠤᠷᠲᠤ ᠲᠤᠭᠤᠷᠠᠢ ᠠ᠋ᠴᠠ ᠣᠯᠳᠠᠭᠰᠠᠨ᠃ ᠬᠥᠰᠢᠶ᠎ᠡ ᠶ᠋ᠢ ᠬᠥᠬᠡ ᠵᠠᠨᠠᠷ ᠴᠢᠯᠠᠭᠤ ᠪᠠᠷ ᠪᠦᠲᠦᠭᠡᠵᠦ ᠵᠤᠵᠠᠭᠠᠨ ᠪᠣᠷᠵᠢᠨ ᠴᠢᠯᠠᠭᠤᠨ ᠳᠡᠭᠡᠷ᠎ᠡ ᠤᠭᠯᠠᠭᠤᠷᠭ᠎ᠠ ᠭᠠᠷᠭᠠᠨ ᠰᠠᠭᠤᠯᠭᠠᠭᠰᠠᠨ ᠪᠥᠭᠡᠳ 144 ᠰᠠᠨᠲ᠋ᠢᠮᠧᠲ᠋ᠷ ᠥᠨᠳᠥᠷ᠂ 78 ᠰᠠᠨᠲ᠋ᠢᠮᠧᠲ᠋ᠷ ᠥᠷᠭᠡᠨ᠂ 20 ᠰᠠᠨᠲ᠋ᠢᠮᠧᠲ᠋ᠷ ᠵᠤᠵᠠᠭᠠᠨ ᠲᠠᠢ᠃ ᠰᠠᠭᠤᠷᠢ ᠶ᠋ᠢ 100 ᠰᠠᠨᠲ᠋ᠢᠮᠧᠲ᠋ᠷ ᠤᠷᠲᠤ᠂ 68 ᠰᠠᠨᠲ᠋ᠢᠮᠧᠲ᠋ᠷ ᠥᠷᠭᠡᠨ᠂ 40 ᠰᠠᠨᠲ᠋ᠢᠮᠧᠲ᠋ᠷ ᠥᠨᠳᠥᠷ ᠬᠦᠷᠢᠨ ᠪᠣᠷᠵᠢᠨ ᠴᠢᠯᠠᠭᠤ ᠪᠠᠷ ᠪᠦᠲᠦᠭᠡᠵᠦ᠂ ᠳᠡᠭᠡᠷ᠎ᠡ ᠨᠢ 46 ᠰᠠᠨᠲ᠋ᠢᠮᠧᠲ᠋ᠷ ᠤᠷᠲᠤ᠂ 20 ᠰᠠᠨᠲ᠋ᠢᠮᠧᠲ᠋ᠷ ᠭᠦᠨ᠂ 20 ᠰᠠᠨᠲ᠋ᠢᠮᠧᠲ᠋ᠷ ᠥᠷᠭᠡᠨ 2 ᠮᠧᠲ᠋ᠷ ᠤᠭᠯᠠᠭᠤᠷᠭ᠎ᠠ ᠭᠠᠷᠭᠠᠨ ᠬᠥᠰᠢᠶ᠎ᠡ ᠶ᠋ᠢ ᠰᠠᠭᠤᠯᠭᠠᠨ ᠲᠣᠭᠲᠠᠭᠠᠭᠰᠠᠨ ᠪᠠᠢᠨ᠎ᠠ᠃ ᠬᠥᠰᠢᠶ᠎ᠡ ᠨᠢ ᠰᠤᠤᠷ ᠤ᠋ᠨ ᠬᠠᠮᠲᠤ 184 ᠰᠠᠨᠲ᠋ᠢᠮᠧᠲ᠋ᠷ ᠥᠨᠳᠥᠷ᠂ 1 ᠲᠤᠨ ᠣᠷᠴᠢᠮ ᠬᠦᠨᠳᠦ ᠵᠢᠩ ᠲᠡᠢ ᠠᠵᠤ᠃ ᠬᠥᠰᠢᠭᠡᠨ ᠦ᠌ ᠨᠢᠭᠤᠷ ᠤ᠋ᠨ ᠲᠠᠯ᠎ᠠ ᠶ᠋ᠢᠨ ᠬᠣᠶᠠᠷ ᠲᠠᠯ᠎ᠠ ᠪᠠᠷ ᠬᠣᠭᠣᠷᠣᠨᠳᠣ ᠪᠠᠨ 3᠂5 ᠰᠠᠨᠲ᠋ᠢᠮᠧᠲ᠋ᠷ ᠵᠠᠢᠲᠠᠢ᠂ ᠨᠠᠷᠢᠨ ᠭᠤᠷᠪᠢ ᠭᠠᠷᠭᠠᠨ ᠳᠤᠮᠳᠠᠭᠤᠷ ᠨᠢ ᠡᠪᠡᠷ ᠤᠭᠠᠯᠵᠠ ᠰᠡᠢᠯᠦᠭᠰᠡᠨ ᠪᠠᠢᠳᠠᠭ᠃
ᠲᠡᠭᠡᠭᠡᠳ ᠡᠬᠢᠨ ᠳ᠋ᠦ᠍ ᠨᠢ ᠭᠤᠷᠪᠠᠨ ᠮᠥᠷ ᠦᠭᠡ ᠶ᠋ᠢ ᠮᠣᠩᠭᠣᠯ ᠪᠢᠴᠢᠭ ᠢ᠋ᠶ᠋ᠡᠷ ᠰᠡᠢᠯᠵᠦ᠂ ᠲᠡᠭᠦᠨ ᠲᠡᠢ ᠵᠡᠷᠭᠡᠴᠡᠭᠦᠯᠦᠨ 12 ᠮᠥᠷ ᠬᠢᠲᠠᠳ ᠪᠢᠴᠢᠭ ᠦ᠋ᠨ 268 ᠦᠰᠦᠭ ᠢ᠋ ᠰᠡᠢᠯᠵᠡᠢ᠃ ᠮᠣᠩᠭᠣᠯ ᠪᠢᠴᠢᠭ ᠢ᠋ᠶ᠋ᠡᠷ ᠪᠢᠴᠢᠭᠰᠡᠨ ᠢ᠋ ᠤᠩᠰᠢᠪᠠᠯ᠄ ᠤᠷᠤᠭ ᠤ᠋ᠨ ᠤᠷᠤᠭ ᠢ᠋ᠶ᠋ᠠᠷ ᠬᠡᠳᠦᠨ ᠬᠡᠳᠦᠨ ᠦᠶᠡᠰ ᠲᠦ᠍ ᠮᠥᠩᠬᠡ ᠬᠠᠭᠠᠨ ᠲᠦᠮᠡᠨ ᠲᠦᠮᠡᠨ ᠨᠠᠰᠤᠯᠠᠲᠤᠭᠠᠢ᠃ ᠪᠠᠷᠰ ᠲᠥᠭᠡ ᠪᠣᠰᠬᠠᠭᠤᠯ ᠬᠦᠷᠲᠡᠯ᠎ᠡ ᠠᠨ᠎ᠠ ᠳ᠋ᠤ᠌ ᠳᠠᠪᠢᠷᠭᠠᠨ ᠳ᠋ᠤ᠌ ᠤᠴᠠᠷᠠᠯ ᠳ᠋ᠤ᠌ ᠪᠤᠶᠠᠨ ᠬᠦᠷᠡᠲᠦᠭᠡᠢ ᠭᠡᠵᠡᠢ᠃ ᠡᠯ᠎ᠡ ᠬᠥᠰᠢᠶ᠎ᠡ ᠶ᠋ᠢ 1257 ᠣᠨ ᠤ᠋ ᠵᠤᠨ ᠤ᠋ ᠳᠤᠮᠳᠠ ᠰᠠᠷ᠎ᠠ ᠶ᠋ᠢᠨ 20 ᠤ᠋ ᠦᠶ᠎ᠡ ᠪᠡᠷ ᠮᠥᠩᠬᠡ ᠬᠠᠭᠠᠨ ᠬᠢᠲᠠᠳ ᠤ᠋ᠨ ᠰᠥᠩ ᠤᠯᠤᠰ ᠢ᠋ ᠭᠤᠷᠪᠠᠨ ᠵᠠᠮ ᠢ᠋ᠶ᠋ᠠᠷ ᠪᠠᠢᠯᠳᠤᠵᠤ ᠶᠠᠪᠤᠭᠰᠠᠨ ᠦᠶ᠎ᠡ ᠳ᠋ᠦ᠍ ᠬᠦᠷᠭᠡᠨ ᠪᠠᠷᠰ ᠲᠥᠭᠡ᠂ ᠭᠦᠨᠵᠡ ᠢᠰᠢᠵᠢ ᠨᠠᠷ ᠪᠤᠰᠬᠠᠭᠤᠯᠤᠭᠰᠠᠨ᠃