ᠠᠷᠴᠠ ᠰᠡᠷᠪᠡᠩ ᠠᠭᠤᠯᠠ ᠮᠢᠨᠢ- ᠤᠷᠠᠨᠴᠡᠴᠡᠭАрц сарван уул минь-урнцэцэг ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠴᠠ ᠰᠡᠷᠪᠡᠩ ᠠᠭᠤᠯᠠ ᠮᠢᠨᠢ- ᠤᠷᠠᠨᠴᠡᠴᠡᠭАрц сарван уул минь-урнцэцэг

ᠠᠷᠴᠠ ᠰᠡᠷᠪᠡᠩ ᠠᠭᠤᠯᠠ ᠮᠢᠨᠢ- ᠤᠷᠠᠨᠴᠡᠴᠡᠭАрц сарван уул минь-урнцэцэг

2023-10-08

382

ᠠᠷᠴᠠ ᠰᠡᠷᠪᠡᠩ ᠠᠭᠤᠯᠠ ᠮᠢᠨᠢ

             ᠤᠷᠠᠨᠴᠡᠴᠡᠭ 
ᠠᠯᠤᠰ ᠠ᠋ᠴᠠ ᠰᠦᠮᠪᠦᠷᠯᠡᠨ ᠬᠠᠷᠠᠭᠳᠠᠬᠤ 
ᠠᠷᠴᠠ ᠰᠡᠷᠪᠡᠩ ᠠᠭᠤᠯᠠ ᠮᠢᠨᠢ 
ᠠᠵᠢᠯᠴᠢ ᠮᠠᠯᠴᠢᠨ ᠤ᠋ ᠮᠢᠨᠢ 
ᠠᠰᠢᠳᠠ ᠵᠢᠷᠭᠠᠭᠰᠠᠨ ᠭᠠᠵᠠᠷ ᠠ᠋᠂ 

ᠬᠥᠬᠡᠷᠡᠨ ᠰᠤᠭᠤᠨᠠᠭᠯᠠᠵᠤ ᠦᠵᠡᠭᠳᠡᠬᠦ 
ᠬᠥᠭᠵᠢᠯᠲᠦ ᠨᠤᠲᠤᠭ ᠠᠷᠴᠠ ᠰᠡᠷᠪᠡᠩ ᠮᠢᠨᠢ 
ᠬᠥᠳᠡᠯᠮᠦᠷᠢᠴᠢ ᠮᠠᠯᠴᠢᠨ ᠲᠦᠮᠡᠨ ᠦ᠌ ᠮᠢᠨᠢ 
ᠬᠥᠭᠵᠢᠶᠡᠨ ᠨᠠᠷᠭᠢᠶᠠᠨ ᠲᠠᠢ ᠨᠤᠲᠤᠭ 

ᠴᠡᠩᠬᠡᠷᠯᠡᠨ ᠤᠨᠢᠶᠠᠷᠲᠤᠵᠤ ᠰᠦᠨᠳᠡᠷᠯᠡᠬᠦ
ᠴᠡᠩᠭᠡᠯᠲᠦ ᠨᠤᠲᠤᠭ ᠠᠷᠴᠠ ᠰᠡᠷᠪᠡᠩ ᠮᠢᠨᠢ
ᠴᠢᠩ ᠵᠣᠷᠢᠭᠲᠤ ᠮᠠᠯᠴᠢᠳ ᠤ᠋ᠨ ᠮᠢᠨᠢ 
ᠴᠡᠩᠭᠡᠨ ᠣᠷᠣᠰᠢᠭᠰᠠᠨ ᠨᠤᠲᠤᠭ ᠠ᠋

ᠰᠦᠮᠡᠢᠨ ᠰᠦᠨᠳᠡᠷᠯᠡᠵᠦ ᠵᠡᠷᠭᠡᠯᠭᠡᠨᠲᠦᠬᠦ
ᠰᠢᠲᠦᠭᠡᠨᠲᠦ ᠠᠭᠤᠯᠠ ᠠᠷᠴᠠ ᠰᠡᠷᠪᠡᠩ ᠮᠢᠨᠢ 
ᠰᠢᠳᠤᠷᠭᠤ ᠮᠠᠯᠴᠢᠨ ᠲᠦᠮᠡᠨ ᠦ᠌ ᠮᠢᠨᠢ
ᠰᠠᠭᠤᠷᠢᠰᠢᠨ ᠪᠠᠶᠠᠰᠤᠭᠰᠠᠨ ᠨᠤᠲᠤᠭ ᠠ᠋᠃

    ᠦᠰᠦᠭ ᠠᠮᠢᠯᠠᠭᠤᠯᠤᠭᠴᠢ᠄ ᠣᠳᠬᠠᠨᠴᠡᠴᠡᠭ
    ᠬᠢᠨᠠᠭᠴᠢ ᠪᠠᠭᠰᠢ᠄ ᠣᠳᠬᠠᠨᠰᠣ᠎ᠠ