ᠴᠡᠩᠬᠡᠷᠯᠡᠨ ᠬᠠᠷᠠᠭᠳᠠᠬᠤ ᠠᠭᠤᠯᠠ-ᠳ ∙ ᠵᠢᠪᠬᠤᠭᠠᠰᠠᠢᠬᠠᠨ᠂ ᠳ ∙ᠦᠦᠷᠢᠨᠲᠤᠶᠠᠭ᠎ᠠ- Д.Жавхаасайхан, Д.Үүрийнтуяа - Цэнхэрлэн харагдах уул ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠡᠩᠬᠡᠷᠯᠡᠨ ᠬᠠᠷᠠᠭᠳᠠᠬᠤ ᠠᠭᠤᠯᠠ-ᠳ ∙ ᠵᠢᠪᠬᠤᠭᠠᠰᠠᠢᠬᠠᠨ᠂ ᠳ ∙ᠦᠦᠷᠢᠨᠲᠤᠶᠠᠭ᠎ᠠ- Д.Жавхаасайхан, Д.Үүрийнтуяа - Цэнхэрлэн харагдах уул

ᠴᠡᠩᠬᠡᠷᠯᠡᠨ ᠬᠠᠷᠠᠭᠳᠠᠬᠤ ᠠᠭᠤᠯᠠ-ᠳ ∙ ᠵᠢᠪᠬᠤᠭᠠᠰᠠᠢᠬᠠᠨ᠂ ᠳ ∙ᠦᠦᠷᠢᠨᠲᠤᠶᠠᠭ᠎ᠠ- Д.Жавхаасайхан, Д.Үүрийнтуяа - Цэнхэрлэн харагдах уул

ᠠᠩᠭᠢᠯᠠᠯ:ᠳᠠᠭᠤᠤ ᠬᠥᠭᠵᠢᠮ
2023-10-03

383

ᠴᠡᠩᠬᠡᠷᠯᠡᠨ ᠬᠠᠷᠠᠭᠳᠠᠬᠤ ᠠᠭᠤᠯᠠ 


      ᠮᠣᠩᠭᠣᠯ ᠠᠷᠠᠳ ᠤ᠋ᠨ ᠳᠠᠭᠤᠤ 
      ᠳᠠᠭᠤᠴᠢᠨ᠄ ᠳ· ᠵᠢᠪᠬᠤᠭᠠᠰᠠᠶ᠋ᠢᠬᠠᠨ᠂ ᠳ· ᠦᠷᠦᠨᠲᠤᠶᠠᠭ᠎ᠠ 


ᠴᠡᠩᠬᠡᠷᠯᠡᠨ ᠬᠠᠷᠠᠭᠳᠠᠬᠤ ᠠᠭᠤᠯᠠ ᠨᠢ 
ᠴᠢᠨᠳᠠᠮᠤᠨᠢ ᠡᠷᠳᠡᠨᠢ ᠶ᠋ᠢᠨ ᠮᠠᠨᠢ ᠠᠭᠤᠯᠠ ᠪᠠᠢᠨ᠎ᠠ ᠬᠦ 
ᠴᠡᠴᠡᠷᠯᠢᠭ ᠰᠠᠢᠬᠠᠨ ᠠᠭᠤᠯᠠᠨ ᠳ᠋ᠤ᠌ ᠪᠠᠨ 
ᠲᠡᠭᠦᠨ ᠲᠡᠢ ᠪᠡᠨ ᠵᠣᠯᠭᠠᠮᠠᠷ ᠠᠭᠤᠯᠠ ᠪᠠᠢᠨ᠎ᠠ ᠬᠦ 

ᠡᠷᠭᠢᠨ ᠲᠣᠭᠣᠷᠢᠨ ᠠᠭᠤᠯᠠ ᠨᠢ 
ᠦᠵᠡᠰᠬᠦᠯᠡᠩ ᠲᠡᠢ ᠰᠠᠢᠬᠠᠨ ᠢ᠋ᠶ᠋ᠠᠷ ᠬᠣᠣᠰᠯᠠᠵᠠᠢ ᠬᠦ
ᠥᠪᠡᠷ ᠦ᠋ᠨ ᠢ᠋ᠶ᠋ᠡᠨ ᠭᠡᠷ ᠢ᠋ ᠪᠠᠷᠢᠭᠠᠴᠢ ᠠ᠋
ᠡᠷᠦᠬᠡᠨ ᠦ᠌ ᠴᠢᠨᠢ ᠣᠭᠣᠰᠣᠷ ᠢ᠋ ᠲᠠᠲᠠᠶ᠎ᠠ ᠳᠠ ᠬᠦ

ᠠᠯᠠᠭᠯᠠᠨ ᠬᠠᠷᠠᠭᠳᠠᠬᠤ ᠠᠭᠤᠯᠠ ᠨᠢ
ᠠᠯᠢᠮ᠎ᠠ ᠵᠢᠮᠢᠰ ᠲᠡᠢ ᠠᠭᠤᠯᠠ ᠪᠠᠢᠨ᠎ᠠ ᠬᠦ
ᠠᠪᠤ ᠶ᠋ᠢᠨ ᠬᠣᠶᠠᠷ ᠬᠦᠦ ᠴᠢᠨᠢ ᠠ᠋ ᠬᠦ
ᠠᠮᠢᠳᠤᠷᠠᠵᠤ ᠪᠣᠯᠤᠮᠠᠷ ᠠᠭᠤᠯᠠ ᠪᠠᠢᠨ᠎ᠠ ᠬᠦ

ᠨᠠᠮᠤᠷ ᠤ᠋ᠨ ᠰᠢᠷᠭᠠᠯ ᠨᠠᠷᠠ ᠨᠢ
ᠨᠠᠳᠠ ᠳᠡᠭᠡᠷ᠎ᠡ ᠴᠢᠮ᠎ᠠ ᠳᠡᠭᠡᠷ᠎ᠡ ᠲᠣᠰᠤᠭᠠᠳ ᠪᠠᠢᠨ᠎ᠠ ᠬᠦ
ᠨᠠᠰᠤᠨ ᠪᠠᠭ᠎ᠠ ᠪᠢᠳᠡ ᠬᠣᠶᠠᠷ ᠠ᠋ ᠬᠦ
ᠨᠡᠢᠯᠡᠭᠡᠳ ᠰᠠᠭᠤᠬᠤ ᠪᠠᠨ ᠶᠠᠷᠢᠬᠤ ᠤᠤ ᠳᠠ ᠬᠦ
ᠨᠡᠢᠯᠡᠭᠡᠳ ᠰᠠᠭᠤᠬᠤ ᠪᠠᠨ ᠶᠠᠷᠢᠬᠤ ᠳᠠ ᠬᠦ

ᠠᠪᠤ ᠶ᠋ᠢᠨ ᠬᠣᠶᠠᠷ ᠬᠦᠦ ᠴᠢᠨᠢ ᠠ᠋ ᠬᠦ
ᠠᠮᠢᠳᠤᠷᠠᠵᠤ ᠪᠣᠯᠤᠮᠠᠷ ᠠᠭᠤᠯᠠ ᠪᠠᠢᠨ᠎ᠠ ᠬᠦ

  ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
  ᠦᠰᠦᠭ ᠬᠠᠲᠠᠭᠴᠢ᠄ ᠬᠠᠨ ᠱᠢ ᠵᠢᠶᠦ᠋ᠨ
  ᠬᠢᠨᠠᠭᠴᠢ᠄ ᠣᠳᠬᠠᠨᠰᠣ᠎ᠠ