ᠬᠠᠷ᠎ᠠ ᠬᠠᠷᠠᠬᠠᠨ ᠬᠠᠷᠠᠴᠠ- ᠷ ∙ ᠣᠳᠬᠣᠨᠲᠤᠶᠠᠭ᠎ᠠ ᠪ ∙ ᠡᠩᠬᠡᠪᠠᠲᠤHar harhan harts-Otgontuya & Enkhbat new clip (СТА Р.Отгонтуяа Дуучин Б.Энхбат-Хар хархан харц) ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠷ᠎ᠠ ᠬᠠᠷᠠᠬᠠᠨ ᠬᠠᠷᠠᠴᠠ- ᠷ ∙ ᠣᠳᠬᠣᠨᠲᠤᠶᠠᠭ᠎ᠠ ᠪ ∙ ᠡᠩᠬᠡᠪᠠᠲᠤHar harhan harts-Otgontuya & Enkhbat new clip (СТА Р.Отгонтуяа Дуучин Б.Энхбат-Хар хархан харц)

ᠬᠠᠷ᠎ᠠ ᠬᠠᠷᠠᠬᠠᠨ ᠬᠠᠷᠠᠴᠠ- ᠷ ∙ ᠣᠳᠬᠣᠨᠲᠤᠶᠠᠭ᠎ᠠ ᠪ ∙ ᠡᠩᠬᠡᠪᠠᠲᠤHar harhan harts-Otgontuya & Enkhbat new clip (СТА Р.Отгонтуяа Дуучин Б.Энхбат-Хар хархан харц)

ᠠᠩᠭᠢᠯᠠᠯ:ᠳᠠᠭᠤᠤ ᠬᠥᠭᠵᠢᠮ
2023-10-02

526

ᠬᠠᠷ᠎ᠠ ᠬᠠᠷᠠᠬᠠᠨ ᠬᠠᠷᠠᠴᠠ


    ᠦᠭᠡ᠄  ᠨᠠᠰᠤᠨ 
    ᠠᠶ᠎ᠠ᠄  ᠤᠯᠠᠭᠠᠨᠲᠤᠭ 
    ᠳᠠᠭᠤᠴᠢᠨ᠄  ᠷ ∙ ᠣᠳᠬᠣᠨᠲᠤᠶᠠᠭ᠎ᠠ ᠪ ∙ ᠡᠩᠬᠡᠪᠠᠲᠤ  

 
ᠬᠠᠷ᠎ᠠ ᠬᠠᠷᠠᠬᠠᠨ ᠬᠠᠷᠠᠴᠠᠨ ᠳ᠋ᠤ᠌ ᠴᠢᠨᠢ 
ᠬᠠᠯᠠᠭᠤᠨ ᠵᠢᠷᠦᠬᠡ ᠮᠢᠨᠢ ᠬᠠᠢᠯᠠᠴᠢᠬᠠᠬᠤ ᠭᠡᠳ ᠪᠠᠢᠨ᠎ᠠ 
ᠬᠠᠢᠷᠠᠲᠠᠢ ᠳᠤᠷᠠᠲᠠᠢ ᠦᠭᠡᠰ ᠢ᠋ᠶ᠋ᠡᠨ ᠪᠢ 
ᠬᠠᠰᠢᠵᠤ ᠳᠡᠢᠯᠬᠦ ᠦᠭᠡᠢ ᠬᠡᠯᠡᠴᠢᠬᠡᠬᠦ ᠭᠡᠳ ᠪᠠᠢᠨ᠎ᠠ 
ᠢᠷᠮᠡᠭᠡᠳ ᠬᠠᠷᠠᠭᠰᠠᠨ ᠬᠠᠷᠠᠴᠠ ᠪᠠᠷ ᠢ᠋ᠶ᠋ᠠᠨ
ᠢᠲᠡᠭᠡᠭᠰᠡᠨ ᠰᠡᠳᠬᠢᠯ ᠢ᠋ᠶ᠋ᠡᠨ ᠥᠭᠭᠦᠶ᠎ᠡ ᠬᠣᠶᠠᠭᠤᠯᠠ ᠪᠠᠨ 
ᠢᠨᠢᠶᠡᠳᠦ ᠪᠠᠶᠠᠷ ᠤ᠋ᠨ ᠬᠣᠷᠸ᠎ᠠ ᠳ᠋ᠤ᠌ ᠪᠠᠨ 
ᠢᠪᠡᠭᠡᠵᠦ ᠰᠦᠵᠢᠷᠡᠵᠦ ᠶᠠᠪᠤᠶ᠎ᠠ ᠳᠠ ᠬᠣᠶᠠᠭᠤᠯᠠ ᠪᠠᠨ ᠃

ᠪᠣᠷᠣ ᠪᠣᠷᠣᠬᠠᠨ ᠬᠠᠷᠠᠴᠠᠨ ᠳ᠋ᠤ᠌ ᠴᠢᠨᠢ
ᠪᠣᠯᠬᠤ ᠦᠭᠡᠢ ᠬᠠᠢᠷ᠎ᠠ ᠮᠢᠨᠢ ᠪᠤᠴᠠᠯᠴᠢᠬᠠᠬᠤ ᠭᠡᠳ ᠪᠠᠢᠨ᠎ᠠ
ᠪᠣᠳᠣᠭᠰᠠᠨ ᠰᠠᠨᠠᠭᠰᠠᠨ ᠦᠨᠡᠨ ᠢ᠋ᠶ᠋ᠡᠨ ᠪᠢ 
ᠪᠤᠰᠤᠳ ᠠ᠋ᠴᠠ ᠨᠢᠭᠤᠯ ᠦᠭᠡᠢ ᠶᠠᠷᠢᠴᠢᠬᠠᠬᠤ ᠭᠡᠳ ᠪᠠᠢᠨ᠎ᠠ
ᠤᠶᠠᠷᠠᠭᠠᠳ ᠬᠠᠷᠠᠭᠰᠠᠨ ᠬᠠᠷᠠᠴᠠ ᠪᠠᠷ ᠢ᠋ᠶ᠋ᠠᠨ
ᠤᠴᠠᠷᠠᠭᠰᠠᠨ ᠵᠠᠶᠠᠭ᠎ᠠ ᠪᠠᠨ ᠬᠣᠯᠪᠣᠶ᠎ᠠ ᠬᠣᠶᠠᠭᠤᠯᠠ ᠪᠠᠨ
ᠤᠬᠢᠯᠠᠵᠤ ᠳᠠᠭᠤᠯᠠᠬᠤ ᠣᠷᠴᠢᠯᠠᠩ ᠳ᠋ᠤ᠌ ᠪᠠᠨ
ᠤᠬᠠᠭᠠᠷᠠᠵᠤ ᠬᠠᠢᠷᠠᠯᠠᠵᠤ ᠠᠮᠢᠳᠤᠷᠠᠶ᠎ᠠ ᠳᠠ ᠬᠣᠶᠠᠭᠤᠯᠠ ᠪᠠᠨ᠃

ᠡᠷᠬᠡ ᠡᠮᠵᠡᠭ ᠬᠠᠷᠠᠴᠠ ᠪᠠᠷ ᠢ᠋ᠶ᠋ᠠᠨ
ᠡᠭᠴᠡᠬᠡᠨ ᠲᠤᠯᠤᠭᠠᠳ ᠬᠠᠷᠠᠶ᠎ᠠ ᠳᠠ ᠪᠡᠶ᠎ᠡ ᠪᠡᠶ᠎ᠡ ᠶ᠋ᠢ ᠪᠡᠨ
ᠡᠷᠭᠢᠭᠡᠳ ᠳᠠᠬᠢᠭᠠᠳ ᠣᠯᠳᠠᠬᠤ ᠦᠭᠡᠢ ᠭᠡᠳ
ᠡᠨᠡ ᠬᠣᠷᠸ᠎ᠠ ᠳ᠋ᠤ᠌ ᠲᠥᠰᠢᠶ᠎ᠡ ᠳᠡ ᠬᠡᠨ ᠬᠡᠨ ᠢ᠋ ᠪᠡᠨ
ᠬᠠᠢᠷᠠᠯᠠᠭᠠᠳ ᠬᠠᠷᠠᠭᠰᠠᠨ ᠬᠠᠷᠠᠴᠠ ᠪᠠᠷ ᠢ᠋ᠶ᠋ᠠᠨ
ᠬᠠᠨᠢᠯᠠᠬᠤ ᠶ᠋ᠢᠨ ᠲᠠᠪᠢᠯᠠᠩ ᠢ᠋ᠶ᠋ᠠᠨ ᠲᠦᠰᠢᠶ᠎ᠡ ᠬᠣᠶᠠᠭᠤᠯᠠ ᠪᠠᠨ
ᠬᠠᠲᠠᠭᠤ ᠵᠥᠭᠡᠯᠡᠨ ᠲᠡᠢ ᠬᠣᠷᠸ᠎ᠠ ᠳ᠋ᠤ᠌ ᠪᠠᠨ
ᠬᠠᠢᠷ᠎ᠠ ᠪᠠᠷ ᠢ᠋ᠶ᠋ᠠᠨ ᠠᠷᠭᠠᠳᠠᠵᠤ ᠳᠣᠭᠣᠯᠤᠶ᠎ᠠ ᠬᠣᠶᠠᠭᠤᠯᠠ ᠪᠠᠨ ᠃
ᠬᠠᠢᠷᠠᠯᠠᠭᠠᠳ ᠬᠠᠷᠠᠭᠰᠠᠨ ᠬᠠᠷᠠᠴᠠ ᠪᠠᠷ ᠢ᠋ᠶ᠋ᠠᠨ
ᠬᠠᠨᠢᠯᠠᠬᠤ ᠶ᠋ᠢᠨ ᠲᠠᠪᠢᠯᠠᠩ ᠢ᠋ᠶ᠋ᠠᠨ ᠲᠦᠰᠢᠶ᠎ᠡ ᠬᠣᠶᠠᠭᠤᠯᠠ ᠪᠠᠨ
ᠬᠠᠲᠠᠭᠤ ᠵᠥᠭᠡᠯᠡᠨ ᠲᠡᠢ ᠬᠣᠷᠸ᠎ᠠ ᠳ᠋ᠤ᠌ ᠪᠠᠨ
ᠬᠠᠢᠷ᠎ᠠ ᠪᠠᠷ ᠢ᠋ᠶ᠋ᠠᠨ ᠠᠷᠭᠠᠳᠠᠵᠤ ᠳᠣᠭᠣᠯᠤᠶ᠎ᠠ ᠬᠣᠶᠠᠭᠤᠯᠠ ᠪᠠᠨ 
ᠢᠨᠢᠶᠡᠳᠦ ᠪᠠᠶᠠᠷ ᠤ᠋ᠨ ᠬᠣᠷᠸ᠎ᠠ ᠳ᠋ᠤ᠌ ᠪᠠᠨ
ᠢᠪᠡᠭᠡᠵᠦ ᠰᠦᠵᠢᠷᠡᠵᠦ ᠶᠠᠪᠤᠶ᠎ᠠ ᠳᠠ ᠬᠣᠶᠠᠭᠤᠯᠠ ᠪᠠᠨ᠃

       ᠦᠰᠦᠭ  ᠬᠠᠲᠠᠵᠤ᠂ᠠᠮᠢᠯᠠᠭᠤᠯᠤᠭᠴᠢ᠄ ᠤᠤᠭᠠᠨᠵᠢᠳ
       ᠬᠢᠨᠠᠭᠴᠢ᠄ ᠮᠡᠷᠭᠡᠨᠪᠢᠯᠢᠭ