ᠨᠣᠶᠠᠨ ᠲᠠᠯᠬᠠᠨ ᠤ ᠦᠰᠦᠴᠢᠨ ᠦ ᠭᠠᠵᠠᠷ1-15ᠴᠠᠢ ᠶ᠋ᠢᠨ ᠮᠠᠰᠲ᠋ᠧᠷЦайны мастер-BreadBarbershop ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠣᠶᠠᠨ ᠲᠠᠯᠬᠠᠨ ᠤ ᠦᠰᠦᠴᠢᠨ ᠦ ᠭᠠᠵᠠᠷ1-15ᠴᠠᠢ ᠶ᠋ᠢᠨ ᠮᠠᠰᠲ᠋ᠧᠷЦайны мастер-BreadBarbershop

ᠨᠣᠶᠠᠨ ᠲᠠᠯᠬᠠᠨ ᠤ ᠦᠰᠦᠴᠢᠨ ᠦ ᠭᠠᠵᠠᠷ1-15ᠴᠠᠢ ᠶ᠋ᠢᠨ ᠮᠠᠰᠲ᠋ᠧᠷЦайны мастер-BreadBarbershop

2023-07-14

694

ᠴᠠᠢ ᠶ᠋ᠢᠨ ᠮᠠᠰᠲ᠋ᠧᠷ

— ᠳᠠᠷᠠᠭ᠎ᠠ ᠠᠭᠤᠯᠵᠠᠯᠲᠠ ᠪᠠᠷ ᠪᠠᠶᠠᠷᠲᠠᠢ᠃
— ᠬᠠ ᠬᠠ
— ᠠ ᠪᠠᠰᠠ ᠨᠢᠭᠡ ᠠᠵᠢᠯ ᠤ᠋ᠨ ᠠᠮᠵᠢᠯᠲᠠ ᠭᠠᠷᠤᠯ᠎ᠠ᠃
— ᠰᠦ ᠠᠶᠠᠭ᠎ᠠ ᠴᠠᠢ ᠬᠢᠭᠡᠳ ᠥᠭᠭᠦᠭᠡᠴᠢ᠃
— ᠮᠡᠳᠡᠯ᠎ᠡ
— ᠦ ᠶᠠᠮᠠᠷ ᠣᠯᠠᠨ ᠲᠥᠷᠥᠯ ᠦ᠋ᠨ ᠴᠠᠢ ᠪᠣᠢ? ᠠᠯᠢ ᠶ᠋ᠢ ᠨᠢ ᠤᠤᠭᠤᠬᠤ ᠶᠤᠮ ᠪᠣᠯ? ᠡᠨᠡ ᠤᠤ? ᠡᠨᠡ ᠤᠤ? ᠪᠦᠭᠦᠳᠡ ᠨᠢ
ᠠᠳᠠᠯᠢᠬᠠᠨ ᠪᠠᠢᠯᠭᠦᠢ ᠳᠡ! ᠲᠡᠢᠮᠦ ᠠ᠋ ᠬᠠᠷᠠᠬᠤ ᠠ᠋ᠴᠠ
ᠪᠦᠭᠦᠳᠡ ᠨᠢ ᠨᠠᠪᠴᠢ ᠶᠤᠮ ᠴᠢᠨᠢ᠂ ᠳᠠᠩᠬᠤᠨ ᠳ᠋ᠤ᠌ ᠬᠠᠯᠠᠭᠤᠨ ᠤᠰᠤ ᠬᠢᠯ᠎ᠡ᠂ ᠬᠦ ᠬᠦ᠂
— ᠠᠶᠠᠭ᠎ᠠ ᠬᠠᠷ᠎ᠠ ᠴᠠᠢ ᠨᠣᠶᠠᠨ ᠲᠠᠯᠬ᠎ᠠ ᠠ᠋᠃
— ᠪᠠᠶᠠᠷᠯᠠᠯ᠎ᠠ᠂ ᠫᠦ ᠫᠦ
— ᠦ!
— ᠰᠦ᠂ ᠡᠨᠡ ᠴᠢᠨᠢ ᠨᠣᠭᠣᠭᠠᠨ ᠴᠠᠢ ᠪᠠᠢᠨ᠎ᠠ ᠬᠠᠷ᠎ᠠ ᠴᠠᠢ ᠪᠢᠰᠢ ᠪᠠᠢᠨ᠎ᠠ᠃
— ᠠ᠂ ᠲᠡᠭᠡᠭᠡᠳ ᠪᠤᠷᠤᠭᠤ ᠭᠡᠵᠦ ᠤᠤ?
— ᠬᠠᠷ᠎ᠠ ᠴᠠᠢ ᠨᠣᠭᠣᠭᠠᠨ ᠴᠠᠢ ᠬᠣᠶᠠᠷ ᠢ᠋ ᠴᠦ᠍ ᠢᠯᠭᠠᠵᠤ ᠮᠡᠳᠡᠳᠡᠭ ᠦᠭᠡᠢ ᠶᠦᠮ ᠤᠤ? ᠠᠮᠰᠠᠭᠠᠳ ᠦᠵᠡ᠃
— ᠨᠠᠳᠠ ᠳ᠋ᠤ᠌ ᠪᠦᠬᠦ ᠴᠠᠢ ᠠᠳᠠᠯᠢᠬᠠᠨ ᠠᠮᠲᠠᠭᠳᠠᠳᠠᠭ ᠰᠢᠲᠠ᠃
— ᠮᠠᠷᠭᠠᠰᠢ ᠠᠭᠤᠯᠵᠠᠶ᠎ᠠ!
— ᠰᠠᠢᠬᠠᠨ ᠠᠮᠠᠷᠠᠭᠠᠷᠠᠢ! ᠨᠣᠶᠠᠨ ᠲᠠᠯᠬ᠎ᠠ ᠠ᠋᠃
— ᠬᠥᠶᠢ! ᠱᠣᠺᠣ ᠨᠣᠭᠣᠭᠠᠨ ᠴᠠᠢ ᠬᠠᠷ᠎ᠠ ᠴᠠᠢ ᠠᠳᠠᠯᠢᠬᠠᠨ ᠤᠤ?
— ᠮᠡᠳᠡᠭᠡᠵᠢ ᠦᠭᠡᠢ᠂ ᠶᠠᠭᠠᠬᠢᠭᠰᠠᠨ ᠤᠤ?
— ᠨᠣᠶᠠᠨ ᠲᠠᠯᠬ᠎ᠠ ᠬᠠᠷ᠎ᠠ ᠴᠠᠢ ᠬᠢᠭᠡᠳ ᠥᠭᠭᠦᠭᠡᠴᠢ ᠭᠡᠬᠦ ᠳ᠋ᠦ᠍ ᠨᠢ ᠪᠢ ᠨᠣᠭᠣᠭᠠᠨ ᠴᠠᠢ ᠥᠭᠴᠢᠭᠰᠡᠨ ᠴᠢᠨᠢ ᠶᠡᠬᠡ ᠠᠭᠤᠷᠯᠠᠭᠰᠠᠨ᠂ ᠪᠢ ᠪᠦᠬᠦ ᠴᠠᠢ ᠶ᠋ᠢ ᠠᠳᠠᠯᠢᠬᠠᠨ ᠭᠡᠵᠦ ᠪᠣᠳᠣᠭᠰᠠᠨ ᠶᠤᠮ᠃
— ᠴᠢᠮ᠎ᠠ ᠳ᠋ᠤ᠌ ᠮᠡᠳᠡᠳᠡᠭ ᠶᠠᠭᠤᠮ᠎ᠠ ᠭᠡᠵᠦ ᠠᠯᠠᠭ᠎ᠠ᠂ ᠵᠢᠭᠠᠯ ᠠ᠋ ᠴᠠᠢ ᠪᠣᠯ ᠮᠠᠨ ᠤ᠋ ᠲᠡᠦᠬᠡ ᠶ᠋ᠢᠨ ᠨᠢᠭᠡ᠂ ᠡᠷᠲᠡ ᠴᠠᠭ ᠲᠤ᠌ ᠴᠠᠪᠠᠤᠯᠢᠭ ᠲᠠᠢ ᠪᠤᠳᠠᠭᠠᠨ ᠤ᠋ ᠪᠣᠣᠪᠣ ᠬᠠᠮᠤᠭ ᠤ᠋ᠨ ᠰᠠᠢᠬᠠᠨ ᠴᠠᠢ ᠴᠢᠨᠠᠳᠠᠭ ᠪᠠᠢᠭᠰᠠᠨ ᠶᠤᠮ᠂ ᠴᠠᠢ ᠪᠠᠨ ᠬᠠᠭᠠᠨ ᠳ᠋ᠤ᠌ ᠡᠷᠭᠦᠨ ᠪᠠᠷᠢᠳᠠᠭ ᠪᠠᠢᠭᠰᠠᠨ ᠶᠤᠮ᠂ ᠶᠡᠬᠡ ᠰᠠᠢᠬᠠᠨ ᠴᠠᠢ ᠪᠠᠢᠭᠰᠠᠨ ᠪᠣᠯᠬᠣᠷ ᠬᠠᠭᠠᠨ ᠴᠠᠪᠠᠤᠯᠢᠭ ᠪᠣᠣᠪᠣ ᠶ᠋ᠢ ᠲᠡᠷᠢᠭᠦᠨ ᠰᠠᠢᠳ ᠪᠣᠯᠭᠠᠪᠠ᠃ ᠲᠠᠯᠬᠠᠨ ᠤ᠋ ᠮᠤᠬᠤᠯᠠᠭ ᠬᠣᠲᠠ ᠳ᠋ᠤ᠌ ᠪᠡᠯᠡᠳᠬᠡᠨ ᠤᠯᠠᠮ ᠴᠢᠳᠠᠯᠵᠢᠪᠠ᠃
— ᠭᠦᠦᠭ! ᠬᠡᠷᠪᠡ ᠪᠢ ᠭᠣᠶᠣ ᠴᠠᠢ ᠴᠢᠨᠠᠬᠤ ᠶᠤᠮ ᠪᠣᠯ ᠨᠣᠶᠠᠨ ᠲᠠᠯᠬ᠎ᠠ ᠨᠠᠮ᠎ᠠ ᠶ᠋ᠢ ᠲᠡᠷᠢᠭᠦᠨ ᠰᠠᠢᠳ ᠦᠨᠡᠯᠡᠬᠦ ᠲᠡᠢᠮᠦ ᠪᠣᠯᠬᠤ ᠤᠤ?
— ᠠ ᠦᠵᠡ ᠯᠡ ᠳᠡ!
— ᠲᠡᠢᠮᠦ ᠠ᠋! ᠠᠷᠴᠢᠵᠤ ᠴᠡᠪᠡᠷᠯᠡᠬᠦ ᠳ᠋ᠦ᠍ ᠪᠡᠨ ᠲᠠᠭᠠᠷᠠᠤᠬᠠᠨ ᠴᠤ᠌ ᠭᠡᠰᠡᠨ ᠪᠢ ᠴᠠᠢ ᠴᠢᠨᠠᠬᠤ ᠳ᠋ᠤ᠌ ᠪᠠᠨ ᠮᠤᠨᠳᠠᠭ
ᠪᠠᠢᠬᠤ ᠴᠤ᠌ ᠶᠤᠮ ᠪᠢᠯᠡ ᠤᠤ? ᠨᠣᠶᠠᠨ ᠲᠠᠯᠬ᠎ᠠ ᠨᠠᠮ᠎ᠠ ᠶ᠋ᠢ ᠬᠠᠢᠷᠠᠯᠠᠨ᠎ᠠ᠃
— ᠰᠢᠨ᠎ᠡ ᠰᠣᠨᠢᠷᠬᠠᠯᠲᠠᠢ ᠭᠠᠷᠮᠠᠭᠠᠢ ᠰᠤᠷᠤᠨ᠎ᠠ᠂ ᠡᠬᠢᠯᠡᠭᠡᠳ ᠤᠰᠤ ᠪᠠᠨ ᠵᠠᠭᠤᠨ ᠭᠷᠠᠳᠦ᠋ᠰ ᠪᠤᠴᠠᠯᠭᠠᠨ᠎ᠠ᠂ ᠵᠠ ᠤᠰᠤ ᠲᠣᠰᠣᠨ ᠤ᠋ ᠬᠠᠷᠢᠴᠠᠭ᠎ᠠ ᠢᠩᠭᠢᠭᠡᠳ ᠬᠠᠷᠢᠴᠠᠩᠭᠤᠢ ᠪᠠᠢᠬᠤ ᠶᠣᠰᠣᠲᠠᠢ᠃
—ᠠ᠋ ᠠ᠋᠁ ᠦᠭᠡᠢ ᠦᠭᠡᠢ ᠮᠠᠭᠤᠬᠠᠢ ᠠᠮᠲᠠᠲᠠᠢ ᠪᠣᠯᠴᠢᠬᠠᠨ᠎ᠠ᠂ ᠠ᠋ ᠮᠠᠨᠲᠠᠤ ᠪᠤᠤᠵᠠ ᠤᠤ ᠳᠠ᠂ ᠶᠡᠷᠦ ᠡᠴᠡ ᠪᠡᠨ ᠰᠢᠭᠤᠳ ᠴᠠᠢ ᠶ᠋ᠢᠨ ᠮᠠᠰᠲ᠋ᠧᠷ ᠲᠦ᠍
ᠣᠴᠢᠶ᠎ᠠ᠃
— ᠰᠠᠢᠨ ᠤᠤ ᠥᠷᠯᠥᠭᠡᠨ ᠦ᠌ ᠮᠡᠨᠳᠦ ᠡᠷᠬᠢᠮ ᠠ᠋ ?
— ᠥᠷᠯᠥᠭᠡᠨ ᠦ᠌ ᠮᠡᠨᠳᠦ ᠠ᠋! ᠬᠥᠶᠢ ᠰᠦ ᠶᠠᠭᠠᠬᠢᠭᠠᠳ ᠢᠷᠡᠭᠡ ᠦᠭᠡᠢ ᠶᠦᠮ ᠪᠣᠢ?
— ᠬᠠᠷᠢᠨ ᠯᠠ ᠳᠠ ᠨᠠᠮ᠎ᠠ ᠶ᠋ᠢ ᠢᠷᠡᠬᠦ ᠳ᠋ᠦ᠍ ᠡᠢᠮᠦ ᠪᠠᠢᠭᠰᠠᠨ᠃
— ᠨᠣᠶᠠᠨ ᠲᠠᠯᠬ᠎ᠠ ᠠ᠋ ᠪᠢ ᠴᠠᠢ ᠶ᠋ᠢᠨ ᠮᠠᠰᠲ᠋ᠧᠷ ᠪᠣᠯᠬᠤ ᠪᠠᠷ ᠰᠢᠢᠳᠦᠯ᠎ᠡ᠂ ᠮᠡᠳᠡᠯᠭᠡ ᠲᠡᠢ ᠪᠣᠯᠬᠤ ᠶ᠋ᠢᠨ ᠲᠤᠯᠠᠳᠠ ᠠᠯᠤᠰ ᠬᠣᠯᠠ ᠶ᠋ᠢᠨ ᠵᠠᠮ ᠢ᠋ ᠵᠣᠷᠢᠯ᠎ᠠ ᠪᠠᠶᠠᠷᠲᠠᠢ!
— ᠰᠦ ᠶᠠᠭᠠᠬᠢᠭᠠᠳ ᠡᠢᠮᠦ ᠶᠠᠭᠤᠮ᠎ᠠ ᠪᠣᠳᠣᠯ᠎ᠠ?
— ᠬᠥᠥᠭ! ᠡᠨᠳᠡ ᠬᠥᠮᠦᠨ ᠪᠠᠢᠨ᠎ᠠ ᠤᠤ?
— ᠠᠢ᠂
— ᠵᠠ ᠳᠠ᠂ ᠨᠥᠭᠦᠭᠡ ᠠᠯᠳᠠᠷᠲᠤ ᠴᠠᠢ ᠶ᠋ᠢᠨ ᠮᠠᠰᠲ᠋ᠧᠷ ᠤᠤ? ᠲᠠᠨᠢᠯᠴᠠᠬᠤ ᠳ᠋ᠤ᠌ ᠲᠠᠭᠠᠲᠠᠢ ᠪᠠᠢᠨ᠎ᠠ᠂ ᠨᠠᠮ᠎ᠠ ᠶ᠋ᠢ ᠰᠦ ᠭᠡᠳᠡᠭ ᠲᠠ ᠨᠠᠳᠠ ᠳ᠋ᠤ᠌ ᠲᠤᠰᠠᠯᠠᠭᠠᠴᠢ!
— ᠪᠢ ᠰᠢᠭᠤᠳ ᠦᠢᠯᠡᠴᠢᠯᠡᠭᠴᠢ ᠶ᠋ᠢᠨ ᠭᠠᠷ ᠲᠤ᠌ ᠵᠠᠷᠤᠭᠳᠠᠬᠤ ᠦᠭᠡᠢ ᠳᠡᠯᠭᠡᠭᠦᠷ ᠤᠷᠤᠭᠤ ᠣᠴᠢᠵᠤ ᠠᠪ᠃
— ᠬᠦᠯᠢᠶᠡᠭᠡᠷᠡᠢ᠂ ᠴᠠᠢ ᠬᠤᠳᠠᠯᠳᠤᠵᠤ ᠠᠪᠬᠤ ᠭᠡᠵᠦ ᠢᠷᠡᠭᠡ ᠦᠭᠡᠢ᠂ ᠴᠠᠢ ᠶ᠋ᠢᠨ ᠤᠷᠠᠯᠢᠭ ᠰᠤᠷᠤᠯᠴᠠᠬᠤ ᠭᠡᠵᠦ ᠢᠷᠡᠭᠰᠡᠨ ᠶᠦ᠍ᠮ᠂
— ᠥᠴᠦᠬᠡᠨ ᠱᠠᠪᠢ ᠪᠠᠨ ᠪᠣᠯᠭᠠᠵᠤ ᠠᠪᠤᠨ᠎ᠠ ᠤᠤ?
— ᠡᠨᠳᠡ ᠰᠠᠶᠢ ᠢᠷᠡᠭᠡᠳ ᠰᠤᠷᠳᠠᠭ ᠭᠡᠵᠦ ᠪᠣᠳᠣᠭ᠎ᠠ ᠤᠤ? ᠪᠢ ᠱᠠᠪᠢ ᠠᠪᠬᠤ ᠪᠠᠨ ᠪᠣᠯᠢᠭᠰᠠᠨ᠃
— ᠪᠢ ᠡᠨᠡ ᠭᠠᠵᠠᠷ ᠠ᠋ᠴᠠ ᠶᠠᠪᠤᠬᠤ ᠦᠭᠡᠢ ᠨᠠᠳᠠ ᠳ᠋ᠤ᠌ ᠵᠠᠪᠠᠯ ᠵᠥᠪᠰᠢᠶᠡᠷᠡᠴᠢᠬᠡᠬᠦ ᠦᠭᠡᠢ ᠪᠣᠯ ᠶᠠᠪᠤᠬᠤ ᠦᠭᠡᠢ᠃
— ᠱᠠᠭᠠᠷᠳᠠᠭᠠᠳ ᠪᠠᠢᠭ᠎ᠠ ᠪᠣᠯ ᠴᠢᠮ᠎ᠠ ᠶ᠋ᠢ ᠱᠠᠪᠢ ᠪᠠᠨ ᠪᠣᠯᠭᠠᠶ᠎ᠠ᠂ ᠭᠡᠬᠦ ᠳ᠋ᠦ᠍ ᠪᠡᠨ ᠮᠠᠰᠢ ᠨᠠᠷᠢᠨ ᠰᠢᠷᠭᠠᠭᠤ ᠰᠤᠷᠭᠠᠯᠲᠠᠨ ᠳ᠋ᠤ᠌ ᠣᠷᠣᠬᠤ ᠪᠡᠯᠡᠳᠬᠡᠯ ᠲᠡᠢ
ᠪᠠᠢᠭ᠎ᠠ ᠪᠢᠵᠡ ᠳᠡ? ᠬᠦᠦ ᠮᠢᠨᠢ᠃
— ᠲᠡᠢᠮᠦ ᠠ᠋᠂ ᠡᠷᠬᠢᠮ ᠠ᠋! ᠤᠷᠮ᠎ᠠ ᠶ᠋ᠢ ᠲᠠᠨᠢ ᠬᠤᠭᠤᠯᠬᠤ ᠦᠭᠡᠢ ᠡᠷᠬᠢᠮ ᠠ᠋!
— ᠬᠠᠮᠤᠭ ᠤ᠋ᠨ ᠴᠡᠪᠡᠷ ᠴᠠᠢ ᠶ᠋ᠢ ᠬᠠᠮᠤᠭ ᠤ᠋ᠨ ᠴᠡᠪᠡᠷ ᠤᠰᠤ ᠪᠠᠷ ᠴᠢᠨᠠᠳᠠᠭ᠂ ᠥᠷᠯᠥᠭᠡ ᠡᠷᠲᠡᠯᠡᠨ ᠪᠣᠰᠴᠤ ᠨᠠᠪᠴᠢᠨ ᠳᠡᠭᠡᠷᠡᠬᠢ ᠰᠢᠭᠦᠳᠡᠷᠢ ᠶ᠋ᠢᠨ ᠤᠰᠤ ᠴᠤᠭᠯᠠᠭᠤᠯ᠂ ᠰᠢᠭᠦᠳᠡᠷᠢ ᠶ᠋ᠢᠨ ᠤᠰᠤ ᠪᠠᠷ ᠴᠢᠨᠠᠭᠰᠠᠨ ᠴᠠᠢ ᠲᠠᠩᠰᠤᠭ ᠰᠢᠨᠡᠬᠡᠨ ᠪᠠᠢᠳᠠᠭ᠂ ᠡᠢᠮᠦ ᠴᠠᠢ ᠶ᠋ᠢ ᠲᠠᠩᠰᠤᠭ ᠨᠠᠪᠴᠢᠨ ᠴᠠᠢ ᠭᠡᠳᠡᠭ ᠶᠦ᠍ᠮ᠃ ᠴᠠᠢ ᠬᠦᠰᠡᠯ ᠲᠡᠮᠡᠦᠯᠦᠯ ᠢ᠋ ᠮᠡᠳᠡᠳᠡᠭ᠃
— ᠠ ᠠ ᠁
— ᠪᠠᠢᠭ᠎ᠠ ᠪᠦᠬᠦ ᠬᠦᠴᠦ ᠪᠡᠨ ᠳᠠᠢᠴᠢᠯᠠᠭᠠᠷᠠᠢ! ᠭᠠᠩᠰᠠᠨ ᠤ᠋ ᠡᠮᠦᠨ᠎ᠡ ᠳᠠᠷᠤᠤᠬᠠᠨ ᠪᠠᠢ ᠂ ᠬᠥᠶᠢ! ᠪᠢ ᠥᠭᠦᠯᠡᠵᠦ ᠳᠠᠭᠤᠰᠤᠭ᠎ᠠ ᠦᠭᠡᠢ ᠪᠠᠢᠨ᠎ᠠ᠂ ᠴᠠᠢ ᠳ᠋ᠤ᠌ ᠥᠷᠯᠥᠭᠡ ᠶ᠋ᠢᠨ ᠰᠡᠯᠡᠭᠦᠨ ᠶᠠᠭᠠᠷᠠᠤ ᠬᠠᠮᠢᠶ᠎ᠠ ᠦᠭᠡᠢ᠂ ᠡᠨᠡ ᠴᠠᠢ ᠶ᠋ᠢ ᠪᠣᠰᠤᠭᠠᠳ ᠡᠳᠦᠷ ᠦ᠋ᠨ ᠬᠠᠷ᠎ᠠ ᠴᠠᠢ ᠶ᠋ᠢᠨ ᠳᠠᠷᠠᠭ᠎ᠠ ᠬᠡᠮᠵᠢᠵᠦ ᠬᠡᠯᠡᠬᠦ ᠪᠡᠨ ᠪᠣᠯᠢ ᠭᠡᠳᠡᠭ ᠶᠦ᠍ᠮ᠃
— ᠬᠠᠢᠷᠠᠨ ᠴᠠᠭ᠂ ᠥ ᠲᠡᠢᠮᠦ ᠠ᠋᠂ ᠲᠡᠭᠷᠢ ᠮᠢᠨᠢ ᠶᠠᠳᠠᠷᠠᠵᠤ ᠪᠠᠢᠨ᠎ᠠ ᠰᠢᠦ᠂ ᠪᠢ ᠴᠢᠨᠠᠨ᠎ᠠ!
— ᠰᠦ ᠴᠢ ᠴᠠᠢ ᠶ᠋ᠢᠨ ᠤᠷᠠᠯᠢᠭ ᠢ᠋
ᠡᠵᠡᠮᠰᠢᠵᠡᠢ ᠂ ᠣᠳᠣ ᠡᠨᠳᠡ ᠴᠢᠮ᠎ᠠ ᠳ᠋ᠤ᠌ ᠰᠤᠷᠬᠤ ᠶᠠᠭᠤᠮ᠎ᠠ ᠪᠠᠢᠬᠤ ᠦᠭᠡᠢ᠂ ᠣᠳᠣ ᠠᠮᠢᠳᠤᠷᠠᠯ ᠤᠷᠤᠭᠤ ᠪᠠᠨ᠁
— ᠦ ᠪᠢ ᠶᠠᠪᠤᠬᠤ ᠳ᠋ᠤ᠌ ᠪᠡᠯᠡᠨ ᠪᠢᠰᠢ ᠪᠠᠢᠨ᠎ᠠ᠂ ᠲᠠᠨ ᠲᠠᠢ ᠪᠠᠢᠬᠤ ᠦᠭᠡᠢ ᠪᠣᠯ ᠶᠠᠭᠠᠬᠢᠵᠤ ᠴᠠᠢ ᠴᠢᠨᠠᠬᠤ ᠶᠤᠮ ᠪᠣᠢ?
— ᠪᠢᠲᠡᠭᠡᠢ ᠠᠶᠤ᠂ ᠡᠨᠳᠡ ᠴᠢᠮ᠎ᠠ ᠳ᠋ᠤ᠌ ᠥᠭᠬᠦ ᠶᠠᠭᠤᠮ᠎ᠠ ᠪᠠᠢᠭ᠎ᠠ ᠮᠠᠢ᠃
— ᠠ᠋ ᠡᠨᠡ ᠶᠠᠭᠤ ᠪᠣᠢ?
— ᠲᠤᠰᠬᠠᠢ ᠴᠠᠢ ᠶ᠋ᠢᠨ
ᠪᠦᠷᠢᠳᠦᠯ᠂ ᠮᠠᠨ ᠤ᠋ ᠭᠡᠷ ᠪᠦᠯᠢ ᠡᠴᠡ ᠤᠯᠠᠮᠵᠢᠯᠠᠭᠳᠠ ᠢᠷᠡᠭᠰᠡᠨ ᠡᠳ᠋ ᠪᠠᠢᠭ᠎ᠠ ᠶᠤᠮ᠃
— ᠡᠢᠮᠦ᠂ ᠮᠠᠨᠲᠠᠤ ᠪᠤᠤᠵᠠ ᠶ᠋ᠢᠨ ᠭᠡᠷ ᠪᠦᠯᠢ ᠶ᠋ᠢᠨ ᠥᠪ ᠪᠣᠯᠤᠭᠰᠠᠨ ᠴᠠᠢ ᠶ᠋ᠢᠨ ᠪᠦᠷᠢᠳᠦᠯ ᠶᠦ᠍ᠮ ᠦ?
— ᠲᠡᠢᠮᠦ ᠠ᠋ ᠴᠢ ᠰᠤᠷᠭᠠᠯᠲᠠ ᠪᠠᠨ ᠣᠨᠴᠠ ᠳᠦᠭᠦᠷᠭᠡᠭᠰᠡᠨ ᠪᠣᠯᠬᠣᠷ ᠠᠪᠬᠤ ᠪᠦᠷᠢᠨ ᠡᠷᠬᠡ ᠲᠡᠢ ᠤᠬᠠᠭᠠᠯᠢᠭ ᠬᠥᠮᠦᠨ ᠶᠦ᠍ᠮ᠃
— ᠮᠠᠰᠢ ᠶᠡᠬᠡ ᠪᠠᠶᠠᠷᠯᠠᠯ᠎ᠠ᠂ ᠮᠠᠰᠢ ᠶᠡᠬᠡ ᠪᠠᠶᠠᠷᠯᠠᠯ᠎ᠠ ᠡᠷᠬᠢᠮ ᠠ᠋!
— ᠦᠨ᠎ᠡ ᠬᠠᠩᠰᠢ ᠲᠡᠳᠡ ᠲᠠᠪᠤᠨ ᠮᠢᠩᠭ᠎ᠠ ᠲᠠᠪᠤᠨ ᠵᠠᠭᠤᠨ ᠳ᠋ᠣᠯᠯᠠᠷ ᠭᠡᠳᠡᠭ ᠶᠦ᠍ᠮ᠂ ᠴᠢ ᠮᠢᠨᠦ ᠲᠤᠰᠬᠠᠢ ᠱᠠᠪᠢ ᠪᠣᠯᠬᠣᠷ ᠬᠢᠮᠳᠠᠷᠠᠭᠤᠯᠤᠭᠠᠳ ᠬᠣᠶᠠᠷ ᠮᠢᠩᠭ᠎ᠠ ᠪᠠᠷ ᠥᠭᠭᠦᠶ᠎ᠡ᠃
— ᠬᠣᠶᠠᠷ ᠮᠢᠩᠭ᠎ᠠ ᠳ᠋ᠣᠯᠯᠠᠷ ᠠ᠋? ᠪᠢ ᠲᠥᠯᠥᠵᠦ ᠴᠢᠳᠠᠬᠤ ᠪᠠᠷ ᠦᠭᠡᠢ ᠦᠨ᠎ᠡ ᠲᠠᠢ ᠶᠤᠮ ᠪᠠᠢᠨ᠎ᠠ ᠰᠢᠦ ᠳᠡ!
— ᠮᠠᠰᠢ ᠰᠠᠬᠢᠯᠭ᠎ᠠ ᠪᠠᠲᠤ ᠲᠠᠢ ᠪᠣᠯᠬᠣᠷ ᠴᠢᠨᠢ ᠴᠠᠢ ᠶ᠋ᠢᠨ ᠬᠠᠯᠪᠠᠭ᠎ᠠ ᠢᠵᠢ ᠪᠦᠷᠢᠳᠦᠯ ᠢ᠋ ᠦᠨ᠎ᠡ ᠦᠭᠡᠢ ᠥᠭᠶ᠎ᠡ᠂ ᠡᠨᠡ ᠪᠠᠢᠬᠤ ᠦᠭᠡᠢ ᠪᠣᠯ ᠭᠣᠶᠣ ᠴᠠᠢ ᠴᠢᠨᠠᠵᠤ ᠴᠢᠳᠠᠬᠤ ᠦᠭᠡᠢ ᠶᠦ᠍ᠮ᠃
— ᠴᠠᠢ ᠶ᠋ᠢᠨ ᠬᠠᠯᠪᠠᠭ᠎ᠠ ᠶ᠋ᠢᠨ ᠢᠵᠢ ᠪᠦᠷᠢᠳᠦᠯ ᠢ᠋ ᠥᠭᠨ᠎ᠡ ᠭᠡᠨ᠎ᠡ? ᠲᠠ ᠮᠤᠨᠳᠠᠭ ᠰᠢᠦ! ᠴᠢᠮ᠎ᠠ ᠶ᠋ᠢ ᠵᠣᠷᠢᠵᠤ ᠢᠷᠡᠭᠰᠡᠨ ᠳ᠋ᠦ᠍ ᠪᠡᠨ ᠪᠠᠶᠠᠷᠲᠠᠢ ᠪᠠᠢᠨ᠎ᠠ᠂ ᠡᠷᠬᠢᠮ ᠠ᠋!
— ᠬᠡ ᠬᠡ ᠬᠡ ᠂
— ᠬᠠ ᠬᠠ ᠬᠠ᠂
— ᠰᠦ ᠴᠢ ᠬᠠᠮᠢᠭ᠎ᠠ ᠣᠴᠢᠴᠢᠬᠠᠭᠰᠠᠨ ᠶᠤᠮ ᠪᠣᠢ? ᠶᠠᠭᠤ ᠡᠮᠦᠰᠴᠢᠬᠡᠭᠰᠡᠨ ᠪᠣᠢ?
— ᠱᠣᠺᠣ ᠠ᠋ ᠴᠢᠮᠡᠭᠡ ᠦᠭᠡᠢ ᠪᠠᠢᠵᠤ ᠪᠠᠢ᠂ ᠪᠢ ᠲᠡᠭᠦᠰ ᠴᠠᠢ ᠴᠢᠨᠠᠬᠤ ᠪᠣᠯᠤᠨ᠎ᠠ᠂ ᠲᠠ ᠣᠢᠯᠭᠠᠭᠰᠠᠨ ᠪᠢᠵᠡ?
ᠴᠢᠨᠠᠷ ᠲᠠᠢ ᠶᠤᠮ ᠪᠠᠢᠨ᠎ᠠ᠂ ᠮᠠᠨᠲᠠᠤ ᠪᠤᠤᠵᠠ ᠶ᠋ᠢᠨ ᠭᠡᠷ ᠪᠦᠯᠢ ᠶ᠋ᠢᠨ ᠥᠪ ᠦ᠋ᠨ ᠡᠨᠡ ᠴᠠᠢ ᠨᠢ ᠠᠳᠠᠯᠢᠬᠠᠨ ᠨᠢ ᠮᠡᠳᠡᠭᠡᠵᠢ᠂ ᠠ᠁ ᠰᠠᠢᠬᠠᠨ ᠥᠩᠭᠡ ᠭᠠᠷᠤᠯ᠎ᠠ᠂ ᠴᠠᠢ ᠶ᠋ᠢᠨ ᠤᠷᠠᠯᠢᠭ ᠢ᠋ ᠣᠯᠠᠨ ᠵᠢᠯ ᠬᠠᠢᠷᠠᠯᠠᠵᠤ ᠬᠦᠨᠳᠦᠳᠬᠡᠭᠰᠡᠨ ᠦ᠌ ᠢᠯᠡᠷᠡᠯ ᠨᠣᠶᠠᠨ ᠲᠠᠯᠬᠠᠨ ᠳ᠋ᠤ᠌ ᠥᠭᠬᠦ ᠡᠴᠡ ᠪᠡᠨ ᠡᠮᠦᠨ᠎ᠡ ᠠᠮᠰᠠᠵᠤ ᠦᠵᠡᠶ᠎ᠡ ᠳᠡ!
ᠠ ᠠ᠋᠂ ᠠ᠋᠂ ᠶᠠᠮᠠᠷ ᠵᠠᠪᠠᠭᠠᠨ ᠶᠤᠮ ᠪᠣᠢ? ᠶᠠᠭᠠᠬᠢᠭᠠᠳ ᠡᠢᠮᠦ ᠭᠠᠰᠢᠭᠤᠨ ᠪᠠᠢᠨ᠎ᠠ? ᠬᠦᠴᠢᠯᠢᠭ ᠴᠠᠢ ᠶ᠋ᠢᠨ ᠬᠤᠭᠤᠴᠠᠭ᠎ᠠ ᠨᠢ ᠳᠠᠭᠤᠰᠴᠢᠬᠠᠭᠰᠠᠨ ᠶᠤᠮ ᠤᠤ? ᠮᠥᠨ ᠮᠠᠨᠲᠠᠤ ᠪᠤᠤᠵᠠ ᠳᠠ ᠠ᠋!
— ᠪᠦᠬᠦ ᠴᠠᠢ ᠨᠤᠭᠤᠳ ᠢ᠋ ᠶᠠᠭᠠᠬᠢᠵᠤ ᠠᠷᠢᠯᠭᠠᠬᠤ ᠳ᠋ᠤ᠌ ᠯᠠ? ᠰᠢᠷᠣᠢ ᠲᠠᠢ ᠶ᠋ᠢ ᠨᠢ ᠠᠪᠤᠭᠰᠠᠨ ᠶᠤᠮ ᠤᠤ ᠳᠠ!
— ᠠ᠋ ᠠ᠋᠁ ᠢᠳᠡᠨ᠎ᠡ ᠭᠡᠵᠦ ᠬᠥᠮᠦᠨ ᠳ᠋ᠦ᠍ ᠲᠠᠯᠠᠷᠬᠠᠵᠤ ᠬᠠᠷᠢᠭᠤ ᠮᠥᠩᠭᠥ ᠥᠭᠭᠦᠯ᠎ᠡ᠂ ᠬᠣᠭᠰᠢᠯ ᠴᠢᠨᠢ ᠮᠠᠭᠤᠬᠠᠢ ᠠᠮᠲᠠᠲᠠᠢ ᠪᠣᠯᠴᠢᠬᠠᠨ᠎ᠠ᠃
— ᠦ ᠨᠣᠶᠠᠨ ᠲᠠᠯᠬ᠎ᠠ ᠬᠦᠯᠢᠶᠡ!
— ᠶᠠᠮᠠᠷ ᠰᠠᠢᠬᠠᠨ ᠴᠠᠢ ᠪᠣᠢ?ᠠᠩᠭ᠌ᠯᠢ ᠶ᠋ᠢᠨ ᠬᠥᠳᠡᠭᠡ ᠪᠠᠢᠭᠰᠠᠨ ᠦᠶ᠎ᠡ ᠶ᠋ᠢ ᠮᠢᠨᠢ ᠰᠠᠨᠠᠭᠳᠠᠭᠤᠯᠴᠢᠬᠠᠯ᠎ᠠ᠃
— ᠪᠢ ᠥᠩᠭᠡᠷᠡᠵᠡᠢ ᠥᠩᠭᠡᠷᠡᠵᠡᠢ᠂ ᠣᠳᠣ ᠠᠵᠢᠯ ᠦᠭᠡᠢ ᠪᠣᠯᠤᠨ᠎ᠠ ᠳᠠ᠂ ᠪᠢ ᠮᠡᠳᠡᠵᠦ ᠪᠠᠢᠨ᠎ᠠ᠃
— ᠰᠦ ᠬᠣᠣᠰ ᠦᠭᠡᠢ ᠰᠠᠢᠬᠠᠨ ᠴᠠᠢ ᠪᠣᠯᠵᠠᠢ᠂ ᠠᠮᠢᠳᠤᠷᠠᠯ ᠳ᠋ᠤ᠌ ᠪᠠᠨ ᠡᠢᠮᠦ ᠰᠠᠢᠬᠠᠨ ᠠᠮᠲᠠᠲᠠᠢ ᠴᠠᠢ ᠤᠤᠭᠤᠵᠤ ᠪᠠᠢᠭᠰᠠᠨ ᠦᠭᠡᠢ ᠶᠦ᠍ᠮ᠃
— ᠪᠠᠢᠵᠤ ᠪᠠᠢᠭᠠᠷᠠᠢ᠂ ᠨᠡᠭᠡᠷᠡᠨ ᠤᠤ?
— ᠨᠡᠭᠡᠷᠡᠨ ᠪᠠᠢᠯᠭᠦᠢ ᠶᠠᠭᠠᠬᠢᠬᠤᠪ? ᠡᠨᠡ ᠪᠣᠯ ᠦᠨᠡᠬᠡᠷ ᠭᠠᠢᠬᠠᠯᠲᠠᠢ ᠴᠠᠢ ᠪᠢᠰᠢ! ᠡᠵᠡᠨ ᠬᠠᠭᠠᠨ ᠤ᠋ ᠰᠦ ᠲᠡᠢ ᠴᠠᠢ᠃
— ᠠ
— ᠮᠡᠳᠡᠯ᠎ᠡ ᠡᠷᠬᠢᠮ ᠠ᠋!

   ᠦᠰᠦᠭ ᠠᠮᠢᠯᠠᠭᠤᠯᠤᠭᠴᠢ᠄ ᠬᠡᠷᠡᠢᠳ ᠨᠠᠷᠠᠰᠤ
   ᠦᠰᠦᠭ ᠬᠠᠲᠠᠭᠴᠢ᠄ ᠲᠣᠳᠣᠭᠡᠷᠡᠯ
   ᠬᠢᠨᠠᠭᠴᠢ᠄ ᠰᠡᠷᠭᠦᠯᠡᠩ᠂ ᠭᠠᠷᠮ᠎ᠠ᠂ ᠣᠳᠬᠠᠨᠰᠣ᠎ᠡ᠂ ᠠᠵᠠᠵᠠᠶᠠᠭ᠎ᠠ