ᠬᠡᠦᠬᠡᠳ ᠦ᠋ᠨ ᠳᠠᠭᠤᠤ ᠭᠡᠨ᠎ᠡ ᠯᠡ ᠰᠢᠦХүүхдийн дуу гэнэ л шүү ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠦᠬᠡᠳ ᠦ᠋ᠨ ᠳᠠᠭᠤᠤ ᠭᠡᠨ᠎ᠡ ᠯᠡ ᠰᠢᠦХүүхдийн дуу гэнэ л шүү

ᠬᠡᠦᠬᠡᠳ ᠦ᠋ᠨ ᠳᠠᠭᠤᠤ ᠭᠡᠨ᠎ᠡ ᠯᠡ ᠰᠢᠦХүүхдийн дуу гэнэ л шүү

2022-03-02

1160

ᠬᠡᠦᠬᠡᠳ ᠦ᠋ᠨ ᠳᠠᠭᠤᠤ ᠭᠡᠨ᠎ᠡ ᠯᠡ ᠰᠢᠦ

ᠠᠷᠠᠯ ᠦᠭᠡᠢ ᠲᠡᠷᠭᠡ ᠪᠡᠷ ᠢ᠋ᠶ᠋ᠡᠨ 
ᠠᠷᠭᠠᠯ ᠲᠡᠭᠦᠬᠦ 
ᠰᠠᠨᠠᠭ᠎ᠠ ᠲᠠᠢ ᠤᠤ? 
ᠠᠵᠢᠭᠠᠷ ᠲᠠᠵᠢᠭᠠᠷ ᠪᠠᠢᠵᠤ 
ᠨᠠᠳᠠ ᠲᠠᠢ ᠰᠠᠭᠤᠬᠤ 
ᠰᠠᠨᠠᠭ᠎ᠠ ᠲᠠᠢ ᠤᠤ? 

ᠠᠷᠠᠯ ᠦᠭᠡᠢ 
ᠲᠡᠷᠭᠡ ᠪᠡᠷ ᠢ᠋ᠶ᠋ᠡᠨ 
ᠠᠷᠭᠠᠯ ᠲᠡᠭᠦᠬᠦ 
ᠰᠠᠨᠠᠭ᠎ᠠ ᠲᠠᠢ᠂ ᠪᠢ 

ᠠᠵᠢᠭᠠᠷ ᠲᠠᠵᠢᠭᠠᠷ ᠪᠠᠢᠵᠤ
ᠴᠢᠮ᠎ᠠ ᠲᠠᠢ ᠰᠠᠭᠤᠬᠤ
ᠰᠠᠨᠠᠭ᠎ᠠ ᠲᠠᠢ᠂ ᠪᠢ

ᠲᠡᠭᠦᠭᠡ ᠨᠢ ᠦᠭᠡᠢ
ᠲᠡᠷᠭᠡ ᠪᠡᠷ ᠢ᠋ᠶ᠋ᠡᠨ
ᠲᠦᠯᠡᠭᠡ ᠲᠡᠭᠦᠬᠦ 

ᠰᠠᠨᠠᠭ᠎ᠠ ᠲᠠᠢ ᠤᠤ?

ᠲᠦᠵᠢᠭᠡᠷ
ᠲᠣᠵᠢᠭᠠᠷ ᠪᠠᠢᠵᠤ
ᠨᠠᠳᠠ ᠲᠠᠢ ᠰᠠᠭᠤᠬᠤ
ᠰᠠᠨᠠᠭ᠎ᠠ ᠲᠠᠢ ᠤᠤ?

ᠲᠡᠭᠦᠭᠡ ᠨᠢ ᠦᠭᠡᠢ
ᠲᠡᠷᠭᠡ ᠪᠡᠷ ᠢ᠋ᠶ᠋ᠡᠨ
ᠲᠦᠯᠡᠭᠡ ᠲᠡᠭᠦᠬᠦ
ᠰᠠᠨᠠᠭ᠎ᠠ ᠲᠠᠢ᠂ ᠪᠢ

ᠲᠦᠵᠢᠭᠡᠷ
ᠲᠣᠵᠢᠭᠠᠷ ᠪᠠᠢᠵᠤ
ᠴᠢᠮ᠎ᠠ ᠲᠠᠢ ᠰᠠᠭᠤᠬᠤ
ᠰᠠᠨᠠᠭ᠎ᠠ ᠲᠠᠢ᠂ ᠪᠢ

ᠪᠢ ᠲᠡᠭᠡᠪᠡᠯ ᠶᠠᠪᠤᠨ᠎ᠠ ᠠ᠋᠂ ᠬᠦ
ᠬᠣᠢᠲᠤ ᠵᠦᠭ ᠲᠦ᠍ ᠣᠴᠢᠨ᠎ᠠ ᠠ᠋᠂ ᠬᠦ

ᠬᠣᠨᠢ ᠪᠣᠯᠵᠤ ᠲᠥᠷᠥᠬᠦᠯᠡᠷ
ᠴᠢ ᠮᠠᠭᠤ ᠬᠣᠵᠢᠭᠢᠷ ᠶᠠᠭᠠᠬᠢᠬᠤ ᠶᠤᠮ ᠪᠣᠢ?
ᠲᠡᠭᠡᠪᠡᠯ ᠪᠢ ᠶᠠᠪᠤᠨ᠎ᠠ ᠬᠦ 

ᠬᠣᠢᠲᠤ ᠵᠦᠭ ᠲᠦ᠍ ᠣᠴᠢᠨ᠎ᠠ ᠬᠦ
ᠬᠣᠨᠢᠴᠢᠨ ᠪᠣᠯᠵᠤ ᠲᠥᠷᠥᠴᠢᠬᠡᠭᠡᠳ
ᠬᠣᠨᠢ ᠴᠢᠮᠠᠶ᠋ᠢ ᠬᠠᠷᠢᠭᠤᠯᠤᠨ᠎ᠠ ᠳᠠ

ᠪᠢ ᠲᠡᠭᠡᠪᠡᠯ ᠶᠠᠪᠤᠨ᠎ᠠ ᠠ᠋᠂ ᠬᠦ
ᠡᠮᠦᠨ᠎ᠡ ᠳᠠᠯᠠᠢ ᠳ᠋ᠤ᠌ ᠣᠴᠢᠨ᠎ᠠ ᠠ᠋᠂ ᠬᠦ

ᠵᠢᠭᠠᠰᠤ ᠪᠣᠯᠵᠤ ᠲᠥᠷᠥᠬᠦᠯᠡᠷ
ᠴᠢ ᠮᠠᠭᠤ ᠬᠣᠵᠢᠭᠢᠷ
ᠶᠠᠭᠠᠬᠢᠬᠤ ᠶᠤᠮ ᠪᠣᠢ?

ᠪᠢ ᠲᠡᠭᠡᠪᠡᠯ ᠶᠠᠪᠤᠨ᠎ᠠ ᠠ᠋᠂ ᠬᠦ
ᠡᠮᠦᠨ᠎ᠡ ᠳᠠᠯᠠᠢ ᠳ᠋ᠤ᠌ ᠣᠴᠢᠨ᠎ᠠ ᠠ᠋᠂ ᠬᠦ

ᠵᠢᠭᠠᠰᠤᠵᠢᠨ ᠪᠣᠯᠵᠤ ᠳᠦᠷᠦᠴᠢᠬᠡᠭᠡᠳ
ᠵᠢᠭᠠᠰᠤ ᠴᠢᠮᠠᠶ᠋ᠢ ᠪᠠᠷᠢᠨ᠎ᠠ ᠳᠠ

ᠬᠣᠨᠢᠨ ᠬᠥᠨᠵᠢᠯᠡ ᠪᠡᠨ ᠳᠡᠯᠭᠡᠭᠡᠳ
ᠬᠣᠶᠠᠷ ᠵᠢᠨᠲᠦᠦ ᠲᠠᠯᠪᠢᠭᠠᠳ

ᠬᠣᠩᠭᠣᠷ ᠬᠠᠢᠷᠠᠲᠠᠢ
ᠬᠣᠵᠢᠭᠢᠷ ᠲᠠᠢ ᠪᠠᠨ
ᠬᠣᠶᠠᠭᠤᠯᠠ ᠪᠠᠨ ᠨᠡᠢᠯᠡᠭᠡᠳ ᠰᠠᠭᠤᠶ᠎ᠠ ᠳᠠ

   ᠦᠰᠦᠭ ᠠᠮᠢᠯᠠᠭᠤᠯᠤᠭᠴᠢ᠄ ᠣᠳᠬᠠᠨᠰᠣ᠎ᠠ
   ᠬᠢᠨᠠᠭᠴᠢ᠄ ᠭᠠᠷᠮ᠎ᠠ᠂ ᠤᠷᠠᠨᠴᠢᠮᠡᠭ