ᠠᠯᠳᠠᠷᠲᠤ ᠬᠤᠭᠤᠷᠴᠢ ᠰᠢᠷᠡᠪ ᠭᠤᠸᠠᠢ ᠶ᠋ᠢᠨ ᠮᠡᠨᠳᠦᠯᠡᠭᠰᠡᠨ ᠵᠠᠭᠤᠨ ᠵᠢᠯ ᠦᠨ ᠣᠢ ᠳ᠋ᠤ᠌

ᠠᠯᠳᠠᠷᠲᠤ ᠬᠤᠭᠤᠷᠴᠢ ᠰᠢᠷᠡᠪ ᠭᠤᠸᠠᠢ ᠶ᠋ᠢᠨ ᠮᠡᠨᠳᠦᠯᠡᠭᠰᠡᠨ ᠵᠠᠭᠤᠨ ᠵᠢᠯ ᠦᠨ ᠣᠢ ᠳ᠋ᠤ᠌
ᠵᠢᠳᠬᠦᠯ ᠲᠠᠢ ᠶᠠᠪᠤᠭᠰᠠᠨ ᠰᠢ ᠪᠠᠭᠰᠢ ᠶᠢ ᠪᠡᠨ
ᠵᠢᠷᠦᠬᠡᠨ ᠦ ᠤᠭ ᠠᠴᠠ ᠪᠠᠨ ᠮᠥᠷᠥᠭᠡᠳᠴᠦ
ᠵᠦᠢᠷᠯᠡᠰᠢ ᠦᠭᠡᠢ ᠬᠣᠯᠪᠣᠭ᠎ᠠ ᠶᠢ ᠪᠡᠨ
ᠵᠠᠭᠤᠨ ᠵᠢᠯ ᠦᠨ ᠣᠢ ᠳᠤ ᠨᠢ ᠡᠷᠭᠦᠶ᠎ᠡ
ᠠᠷᠠᠳ ᠤ᠋ᠨ ᠤᠷᠠᠯᠢᠭᠴᠢᠨ ᠰᠢᠷᠡᠪ ᠭᠤᠸᠠᠢ
ᠠᠪᠢᠶᠠᠰ ᠪᠢᠯᠢᠭ ᠲᠡᠢ ᠬᠥᠮᠦᠨ ᠶᠦᠮ
ᠠᠷᠠᠯᠲᠤ ᠬᠤᠭᠤᠷ ᠢ᠋ᠶ᠋ᠠᠨ ᠲᠠᠲᠠᠭᠠᠳ
ᠠᠮᠵᠢᠯᠲᠠ ᠪᠦᠲᠦᠭᠡᠯ ᠭᠠᠷᠭᠠᠭᠰᠠᠨ ᠶᠤᠮ
ᠲᠦᠰᠢᠶᠡᠲᠦ ᠨᠤᠲᠤᠭ ᠢ ᠡᠷᠭᠦᠵᠦ ᠮᠡᠨᠳᠦᠯᠡᠭᠰᠡᠨ
ᠲᠥᠪ ᠬᠢᠴᠢᠶᠡᠩᠭᠦᠢ ᠨᠠᠮᠪᠠᠲᠤ ᠬᠤᠭᠤᠷᠴᠢ
ᠲᠦᠮᠡᠨ ᠰᠠᠬᠢᠭᠤᠯᠰᠤᠨ ᠢ ᠪᠦᠷᠢᠨ ᠡᠷᠭᠦᠮᠵᠢᠯᠡᠭᠰᠡᠨ
ᠲᠢᠪ ᠳᠡᠯᠡᠬᠡᠢ ᠳ᠋ᠦ᠍ ᠭᠠᠭᠴᠠᠬᠠᠨ ᠬᠤᠭᠤᠷᠴᠢ
ᠬᠠᠭᠤᠴᠢᠨ ᠨᠡᠢᠭᠡᠮ ᠳ᠋ᠦ᠍ ᠵᠠᠶᠠᠭᠠᠭᠠᠳ
ᠬᠠᠯᠠ ᠵᠣᠪᠠᠯᠠᠩ ᠢ ᠦᠵᠡᠪᠡ
ᠬᠠᠢᠷᠠᠲᠤ ᠠᠪᠤ ᠡᠵᠢ ᠡᠴᠡ ᠪᠡᠨ ᠬᠠᠭᠠᠴᠠᠭᠠᠳ
ᠬᠠᠲᠠᠭᠤ ᠪᠡᠷᠬᠡ ᠲᠤᠯᠭᠠᠷᠠᠪᠠ
ᠥᠰᠪᠥᠷᠢ ᠨᠠᠰᠤᠨ ᠤ᠋ ᠦᠶ᠎ᠡ ᠡᠴᠡ ᠪᠡᠨ
ᠦᠯᠢᠭᠡᠷ ᠬᠣᠯᠪᠣᠭ᠎ᠠ ᠳ᠋ᠤ᠌ ᠳᠤᠷ᠎ᠠ ᠪᠠᠬ᠎ᠠ ᠲᠠᠢ
ᠦᠵᠡᠵᠦ ᠰᠣᠨᠣᠰᠤᠭᠰᠠᠨ ᠬᠤᠭᠤᠷᠴᠢ ᠨᠠᠷ ᠢ᠋ᠶ᠋ᠠᠨ
ᠦᠷᠭᠦᠯᠵᠢ ᠳᠠᠭᠤᠷᠢᠶᠠᠵᠤ ᠬᠡᠯᠡᠳᠡᠭ ᠪᠠᠢᠵᠠᠢ
ᠠᠮᠢᠳᠤᠷᠠᠯ ᠤ᠋ᠨ ᠬᠤᠪᠢ ᠲᠠᠪᠢᠯᠠᠩ ᠠ᠋ᠴᠠ ᠪᠣᠯᠤᠭᠠᠳ
ᠠᠷᠪᠢᠨ ᠵᠦᠢᠯ ᠦ᠋ᠨ ᠠᠵᠢᠯ ᠢ ᠬᠢᠪᠡ
ᠠᠮᠠᠷᠠᠬᠤ ᠴᠢᠯᠥᠭᠡ ᠵᠠᠪ ᠢ᠋ᠶ᠋ᠠᠨ ᠠᠰᠢᠭᠯᠠᠨ
ᠠᠷᠠᠯᠲᠤ ᠬᠤᠭᠤᠷ ᠲᠠᠲᠠᠵᠤ ᠰᠤᠷᠴᠠᠢ
ᠪᠠᠶᠠᠨᠬᠤᠸᠠ ᠰᠦᠮ᠎ᠡ ᠳ᠋ᠦ᠍ ᠬᠦᠷᠭᠡᠭᠳᠡᠨ ᠣᠴᠢᠭᠠᠳ
ᠪᠠᠨᠳᠢ ᠪᠣᠯᠵᠤ ᠵᠠᠷᠤᠭᠳᠠᠪᠠ
ᠪᠠᠶᠠᠨᠬᠣᠰᠢᠭᠣ ᠰᠦᠮ᠎ᠡ ᠳ᠋ᠦ᠍ ᠰᠢᠯᠵᠢᠵᠦ ᠢᠷᠡᠭᠡᠳ
ᠪᠠᠭ᠎ᠠ ᠪᠤᠰᠤ ᠨᠣᠮ ᠤᠩᠰᠢᠪᠠ
ᠪᠢᠴᠢᠭ ᠦᠰᠦᠭ ᠮᠡᠳᠡᠳᠡᠭ ᠪᠣᠯᠬᠣᠷ
ᠪᠠᠭᠰᠢ ᠶ᠋ᠢᠨ ᠠᠵᠢᠯ ᠢ ᠬᠢᠵᠦ ᠥᠩᠭᠡᠷᠡᠪᠡ
ᠪᠢᠷ ᠴᠠᠭᠠᠰᠤ ᠬᠡᠷᠡᠭᠯᠡᠵᠦ ᠴᠢᠳᠠᠳᠠᠭ ᠢ᠋ᠶ᠋ᠠᠷ ᠢ᠋ᠶ᠋ᠠᠨ
ᠪᠠᠷᠢᠭᠠᠳᠠ ᠶ᠋ᠢᠨ ᠪᠢᠴᠢᠭᠡᠴᠢ ᠪᠣᠯᠪᠠ
ᠬᠠᠭᠤᠷᠮᠠᠭ ᠮᠠᠨᠵᠤ ᠶ᠋ᠢᠨ ᠴᠡᠷᠢᠭ ᠲᠦ᠍ ᠪᠠᠷᠢᠭᠳᠠᠨ
ᠬᠡᠳᠦᠨ ᠵᠢᠯ ᠴᠡᠷᠢᠭ ᠲᠦ᠍ ᠶᠠᠪᠤᠬᠤ ᠳ᠋ᠠᠭᠠᠨ
ᠬᠢᠲᠠᠳ ᠦᠭᠡ ᠬᠡᠯᠡ ᠶ᠋ᠢ ᠡᠵᠡᠮᠰᠢᠭᠡᠳ
ᠬᠠᠷᠢᠵᠤ ᠢᠷᠡᠭᠡᠳ ᠨᠤᠲᠤᠭ ᠲᠠᠭᠠᠨ ᠠᠵᠢᠯᠯᠠᠪᠠ
ᠬᠢᠲᠠᠳ ᠂ ᠮᠣᠩᠭᠣᠯ ᠂ ᠮᠠᠨᠵᠤ ᠂ ᠲᠥᠪᠡᠳ
ᠬᠡᠳᠦᠨ ᠬᠡᠯᠡ ᠶ᠋ᠢ ᠰᠤᠷᠴᠤ ᠡᠵᠡᠮᠰᠢᠭᠰᠡᠨ ᠨᠢ
ᠬᠢᠴᠢᠶᠡᠩᠭᠦᠢ ᠬᠡᠪ ᠨᠠᠮᠪᠠ ᠶ᠋ᠢ ᠡᠭᠦᠳᠬᠦ ᠳ᠋ᠦ᠍ᠨᠢ
ᠬᠡᠮᠵᠢᠶᠡᠯᠡᠰᠢ ᠦᠭᠡᠢ ᠦᠢᠯᠡᠳᠦᠯ ᠦᠵᠡᠭᠦᠯᠵᠡᠢ
ᠪᠢᠴᠢᠭᠲᠡᠨ ᠬᠤᠭᠤᠷᠴᠢ ᠵᠠᠨ᠎ᠠ ᠶ᠋ᠢ
ᠪᠢᠰᠢᠷᠡᠵᠦ ᠰᠢᠲᠦᠭᠡᠳ ᠱᠠᠪᠢ ᠣᠷᠣᠪᠠ
ᠪᠢᠯᠢᠭ ᠣᠶᠤᠨ ᠢ᠋ᠶ᠋ᠠᠨ ᠰᠢᠪᠬᠠᠭᠠᠳ
ᠪᠢᠰᠢᠭᠦᠢ ᠠᠷᠪᠢᠨ ᠦᠯᠢᠭᠡᠷ ᠰᠤᠷᠪᠠ
ᠰᠢᠪᠲᠤᠯᠤᠨ ᠳᠠᠭᠠᠷᠢᠭᠠᠳ ᠴᠢᠯᠥᠭᠡᠯᠡᠬᠦ ᠴᠡᠷᠢᠭ
ᠰᠥᠷᠭᠡᠦ ᠡᠲᠡᠭᠡᠳ ᠢ ᠪᠦᠷᠢᠮᠦᠰᠦᠨ ᠢᠯᠠᠭᠠᠳ
ᠰᠦᠷ ᠭᠡᠷᠡᠯᠲᠡᠢ ᠮᠠᠤ ᠲᠡᠷᠢᠭᠦᠯᠡᠭᠴᠢ
ᠰᠢᠨ᠎ᠡ ᠳᠤᠮᠳᠠᠳᠤ ᠤᠯᠤᠰ ᠢ ᠪᠠᠢᠭᠤᠯᠪᠠ
ᠡᠯ᠎ᠡ ᠦᠨᠳᠦᠰᠦᠲᠡᠨ ᠤ ᠠᠷᠠᠳ ᠲᠦᠮᠡᠨ
ᠡᠪ ᠬᠠᠮᠲᠤ ᠨᠠᠮ ᠢ᠋ᠶ᠋ᠠᠨ ᠳᠠᠭᠠᠵᠤ ᠤᠷᠤᠭᠰᠢᠯᠠᠪᠠ
ᠡᠷᠢᠯ ᠬᠦᠰᠡᠯ ᠲᠡᠢ ᠰᠣᠶᠣᠯ ᠤᠷᠠᠯᠢᠭ
ᠡᠭᠦᠳᠦᠨ ᠪᠦᠲᠦᠭᠡᠯ ᠲᠡᠢ ᠥᠷᠨᠢᠨ ᠬᠥᠭᠵᠢᠪᠡ
ᠵᠠᠯᠠᠭᠤ ᠨᠠᠰᠤᠨ ᠤ᠋ ᠰᠢᠷᠡᠪ ᠭᠤᠸᠠᠢ
ᠵᠠᠪᠳᠤᠵᠤ ᠰᠤᠷᠤᠭᠠᠳ ᠬᠤᠭᠤᠷᠴᠢ ᠪᠣᠯᠪᠠ
ᠵᠠᠷᠤᠳ ᠂ ᠲᠦᠰᠢᠶᠡᠲᠦ ᠶ᠋ᠢᠨ ᠠᠢᠯ ᠭᠠᠴᠠᠭ᠎ᠠ ᠪᠠᠷ
ᠵᠠᠯᠠᠯᠭ᠎ᠠ ᠪᠠᠷ ᠶᠠᠪᠤᠵᠤ ᠦᠯᠢᠭᠡᠷ ᠬᠡᠯᠡᠪᠡ
ᠪᠡᠶ᠎ᠡ ᠪᠡᠨ ᠳᠠᠭᠠᠭᠠᠵᠤ ᠦᠯᠢᠭᠡᠷ ᠬᠡᠯᠡᠬᠦ ᠳ᠋ᠡᠭᠡᠨ
ᠪᠦᠬᠦᠯᠢ ᠪᠦᠲᠦᠨ ᠬᠡᠯᠡᠬᠦ ᠪᠡᠷ ᠴᠢᠷᠮᠠᠢᠵᠤ
ᠪᠢᠯᠢᠭ ᠤᠬᠠᠭᠠᠨ ᠢ ᠨᠢ ᠰᠡᠬᠡᠭᠡᠷᠡᠭᠦᠯᠦᠭᠡᠳ
ᠪᠦᠭᠦᠳᠡ ᠣᠯᠠᠨ ᠤ᠋ ᠮᠠᠭᠲᠠᠭᠠᠯ ᠢ ᠣᠯᠪᠠ
ᠬᠣᠷᠴᠢᠨ ᠰᠣᠶᠣᠯ ᠤ᠋ᠨ ᠠᠮᠢᠳᠤᠷᠠᠯ ᠳ᠋ᠤ᠌
ᠬᠣᠰᠢᠭᠤᠴᠢ ᠪᠣᠯᠵᠤ ᠬᠦᠴᠦᠯᠡᠨ ᠵᠢᠳᠬᠦᠪᠡ
ᠬᠤᠰᠢᠭᠤᠨ ᠤ᠋ ᠦᠯᠢᠭᠡᠷ ᠦ᠋ᠨ ᠭᠡᠷ ᠲᠦ᠍
ᠬᠣᠯᠪᠣᠭ᠎ᠠ ᠦᠯᠢᠭᠡᠷ ᠢ᠋ᠶ᠋ᠡᠨ ᠬᠡᠯᠡᠵᠦ ᠪᠠᠢᠪᠠ
ᠰᠣᠶᠣᠯ ᠤ᠋ᠨ ᠬᠤᠪᠢᠰᠬᠠᠯ ᠤ᠋ᠨ ᠰᠢᠭᠤᠷᠭ᠎ᠠ ᠳ᠋ᠤ᠌
ᠰᠤᠷᠲᠠᠯᠴᠢᠯᠠᠨ ᠤᠬᠠᠭᠤᠯᠬᠤ ᠶ᠋ᠢ ᠬᠣᠷᠢᠭᠠᠳ
ᠰᠢᠯᠦᠭᠯᠡᠨ ᠬᠡᠯᠡᠭᠰᠡᠨ ᠴᠢᠨᠢ 《ᠳᠥᠷᠪᠡᠨ ᠬᠠᠭᠤᠴᠢᠨ 》 ᠭᠡᠳ
ᠰᠢᠭᠦᠮᠵᠢᠯᠡᠵᠦ ᠬᠤᠭᠤᠷ ᠢ ᠨᠢ ᠪᠤᠯᠢᠶᠠᠭᠰᠠᠨ ᠶᠤᠮ
ᠳᠥᠷᠪᠡᠨ ᠬᠥᠮᠦᠨ ᠤ ᠲᠠᠯᠪᠢᠭᠰᠠᠨ ᠲᠦᠢᠮᠡᠷ ᠲᠤ
ᠳᠡᠪᠲᠡᠷ ᠨᠣᠮ ᠨᠢ ᠬᠣᠭᠣᠰᠣᠷᠠᠲᠠᠯ᠎ᠠ ᠰᠢᠳᠡᠪᠡ
ᠲᠥᠷᠥᠯᠬᠢ ᠤᠷᠠᠯᠢᠭ ᠤ᠋ᠨ ᠤᠷ᠎ᠠ ᠮᠡᠷᠭᠡᠵᠢᠯ ᠨᠢ
ᠲᠠᠷᠢᠬᠢ ᠴᠡᠭᠡᠵᠢᠨ ᠳ᠋ᠦ᠍ᠨᠢ ᠪᠠᠲᠤ ᠦᠯᠡᠳᠡᠪᠡ
ᠳᠣᠷᠣᠨ᠎ᠠ ᠶ᠋ᠢᠨ ᠨᠠᠷᠠᠨ ᠳᠠᠬᠢᠨ ᠮᠠᠨᠳᠤᠭᠠᠳ
ᠲᠣᠭᠰᠢᠨ ᠰᠢᠭᠤᠷᠭ᠎ᠠ ᠶ᠋ᠢ ᠨᠢᠴᠠ ᠳᠠᠷᠤᠪᠠ
ᠳᠣᠷᠣᠮᠵᠢᠯᠠᠭᠳᠠᠵᠤ ᠪᠠᠢᠭᠰᠠᠨ ᠠᠷᠠᠳ ᠤ᠋ᠨ ᠤᠷᠠᠯᠢᠭᠴᠢᠳ
ᠳᠤᠷ᠎ᠠ ᠪᠠᠬ᠎ᠠ ᠲᠠᠢ ᠠᠵᠢᠯ ᠢ᠋ᠶ᠋ᠠᠨ ᠰᠡᠷᠭᠦᠭᠡᠪᠡ
ᠥᠭᠡᠷᠡᠴᠢᠯᠡᠯᠲᠡ ᠨᠡᠭᠡᠭᠡᠯᠲᠡ ᠶ᠋ᠢᠨ ᠲᠥᠷᠥ ᠶ᠋ᠢᠨ ᠪᠣᠳᠣᠯᠭ᠎ᠠ
ᠦᠢ ᠲᠦᠮᠡᠨ ᠤ ᠵᠣᠷᠢᠭ ᠢ ᠬᠥᠪᠴᠢᠯᠡᠪᠡ
ᠦᠨᠳᠦᠰᠦᠲᠡᠨ ᠪᠦᠬᠦᠨ ᠴᠢᠯᠥᠭᠡᠲᠡᠢ ᠶᠠᠪᠤᠯᠴᠠᠵᠤ
ᠥᠩᠭᠡᠲᠦ ᠴᠡᠴᠡᠭᠡᠰ ᠢ ᠵᠡᠷᠭᠡᠪᠡᠷ ᠳᠡᠯᠭᠡᠷᠡᠭᠦᠯᠪᠡ
ᠮᠠᠨᠵᠢᠨ ᠲᠣᠭᠣᠭ᠎ᠠ ᠶ᠋ᠢ ᠬᠠᠭ᠎ᠠ ᠴᠣᠬᠢᠭᠠᠳ
ᠮᠠᠯ ᠲᠠᠷᠢᠶᠠᠯᠠᠩ ᠢ ᠡᠷᠦᠬᠡ ᠳ᠋ᠦ᠍ ᠳᠠᠭᠠᠭᠠᠴᠢᠯᠠᠭᠤᠯᠪᠠ
ᠮᠠᠨᠳᠤᠵᠤ ᠬᠥᠭᠵᠢᠬᠦ ᠳᠠᠷᠳᠠᠩ ᠵᠠᠮ ᠢᠶᠠᠷ
ᠮᠠᠩᠨᠠᠢ ᠳᠠᠨᠠᠢᠨ ᠬᠠᠮᠲᠤ ᠪᠠᠷ ᠤᠷᠤᠭᠰᠢᠯᠠᠵᠠᠭᠠᠪᠠ
ᠦᠳᠡᠯᠦᠭᠡ ᠨᠠᠰᠤᠨ ᠤ᠋ ᠰᠢᠷᠡᠪ ᠭᠤᠸᠠᠢ
ᠥᠷᠥᠰᠢᠶᠡᠯᠲᠦ ᠨᠠᠮ ᠳ᠋ᠠᠭᠠᠨ ᠭᠦᠨ ᠲᠠᠯᠠᠷᠬᠠᠪᠠ
ᠦᠷᠭᠦᠯᠵᠢᠯᠡᠨ ᠰᠣᠶᠣᠯ ᠤ᠋ᠨ ᠦᠢᠯᠡᠰ ᠲᠦ᠍ ᠵᠢᠳᠬᠦᠵᠦ
ᠦᠯᠢᠭᠡᠷ ᠢ᠋ᠶ᠋ᠡᠨ ᠷᠠᠳᠢᠣ᠋ ᠳ᠋ᠤ᠌ ᠰᠢᠩᠭᠡᠬᠡᠨ ᠨᠡᠪᠲᠡᠷᠡᠭᠦᠯᠪᠡ
ᠰᠠᠬᠢᠭᠤᠯᠰᠤᠨ ᠡᠷᠭᠦᠮᠵᠢᠯᠡᠭᠰᠡᠨ ᠦᠯᠢᠭᠡᠷ ᠢ᠋ᠶ᠋ᠡᠷ ᠢᠶᠠᠨ
ᠰᠠᠶ᠎ᠠ ᠲᠦᠮᠡᠨ ᠳ᠋ᠡᠭᠡᠨ ᠳᠠᠬᠢᠨ ᠲᠠᠨᠢᠭᠳᠠᠪᠠ
《 ᠰᠠᠢᠨ ᠬᠡᠯᠡᠳᠡᠭ ᠬᠤᠭᠤᠷᠴᠢ ᠠ᠋ !》 ᠭᠡᠰᠡᠨ
ᠰᠠᠢᠰᠢᠶᠠᠯ ᠬᠦᠨᠳᠦᠳᠬᠡᠯ ᠢ ᠶᠡᠬᠡᠪᠡᠷ ᠤᠯᠪᠠ
ᠬᠤᠭᠤᠷ ᠴᠣᠭᠣᠷ ᠢ᠋ᠶ᠋ᠠᠨ ᠡᠭᠦᠷᠦᠭᠡᠳ ᠲᠠ
ᠬᠥᠳᠡᠭᠡ ᠠᠢᠯ ᠢ᠋ᠶ᠋ᠠᠷ ᠬᠡᠴᠢᠨᠡᠭᠡᠨ ᠶᠠᠪᠤᠪᠠ⁈
ᠬᠣᠯᠪᠣᠭ᠎ᠠ ᠦᠯᠢᠭᠡᠷ ᠢ᠋ᠶ᠋ᠡᠨ ᠬᠡᠯᠡᠭᠡᠳ ᠲᠠ
ᠬᠥᠭᠰᠢᠨ ᠵᠠᠯᠠᠭᠤᠰ ᠢ ᠬᠡᠴᠢᠨᠡᠭᠡᠨ ᠪᠠᠶᠠᠷᠯᠠᠭᠤᠯᠪᠠ⁈
ᠤᠶᠠᠩᠭᠠᠯᠢᠭ ᠵᠥᠭᠡᠯᠡᠬᠡᠨ ᠬᠥᠭ ᠠᠶᠠᠰ ᠴᠢᠨᠢ
ᠤᠢᠳᠬᠠᠷ ᠭᠤᠨᠢᠭ ᠢ ᠬᠡᠴᠢᠨᠡᠭᠡᠨ ᠲᠠᠢᠳᠬᠤᠷᠠᠭᠤᠯᠪᠠ⁈
ᠤᠷᠤᠰᠤᠮ᠎ᠠ ᠲᠣᠳᠣᠬᠠᠨ ᠰᠢᠯᠦᠭ ᠳᠠᠭᠤᠯᠠᠯ ᠴᠢᠨᠢ
ᠤᠬᠠᠭᠠᠨ ᠰᠠᠨᠠᠭ᠎ᠠ ᠶ᠋ᠢ ᠬᠡᠴᠢᠨᠡᠭᠡᠨ ᠰᠠᠷᠠᠭᠤᠯᠵᠢᠭᠤᠯᠪᠠ ⁈
ᠰᠣᠶᠣᠯ ᠤᠷᠠᠯᠢᠭ ᠢ᠋ᠶ᠋ᠠᠷ ᠣᠯᠠᠨ ᠳ᠋ᠤ᠌ ᠦᠢᠯᠡᠴᠢᠯᠡᠵᠦ
ᠰᠥᠰᠥ ᠵᠣᠷᠢᠭ ᠲᠠᠢ ᠬᠡᠴᠢᠨᠡᠭᠡᠨ ᠵᠢᠳᠬᠦᠪᠡ⁈
ᠰᠤᠷᠲᠠᠯ ᠤᠬᠠᠭᠤᠯᠭ᠎ᠠ ᠶ᠋ᠢᠨ ᠡᠭᠦᠷᠭᠡ ᠶᠢ ᠭᠦᠢᠴᠡᠳᠬᠡᠵᠦ
ᠰᠥᠨᠢ ᠳᠦᠯᠢ ᠪᠣᠯᠲᠠᠯ᠎ᠠ ᠬᠡᠴᠢᠨᠡᠭᠡᠨ ᠬᠡᠯᠡᠪᠡ⁈
ᠬᠥᠮᠦᠨ ᠤ ᠶᠢᠷᠲᠢᠨᠴᠦ ᠡᠴᠡ ᠡᠭᠦᠷᠢᠳᠡ ᠠᠩᠭᠢᠵᠢᠷᠠᠪᠠᠴᠤ
ᠬᠥᠰᠢᠶ᠎ᠡ ᠳᠤᠷᠠᠰᠬᠠᠯ ᠳ᠋ᠤ᠌ ᠠᠯᠳᠠᠷ ᠴᠢᠨᠢ ᠮᠥᠩᠬᠡ
ᠬᠥᠷᠥᠰᠥ ᠰᠢᠷᠣᠢ ᠳ᠋ᠤ᠌ ᠴᠢᠨᠳᠠᠷ ᠴᠢᠨᠢ ᠪᠤᠮᠪᠠᠯᠠᠭᠳᠠᠵᠤ
ᠬᠡᠯᠡᠭᠰᠡᠨ ᠦᠯᠢᠭᠡᠷ ᠴᠢᠨᠢ ᠰᠣᠨᠣᠷ ᠢ ᠪᠠᠶᠠᠰᠬᠠᠭᠰᠠᠭᠠᠷ
ᠰᠢᠩᠭᠡᠭᠡᠵᠦ ᠦᠯᠡᠳᠡᠭᠡᠭᠰᠡᠨ ᠬᠤᠭᠤᠷ ᠤ᠋ᠨ ᠦᠯᠢᠭᠡᠷ ᠴᠢᠨᠢ
ᠰᠤᠷᠴᠤ ᠳᠠᠭᠤᠷᠢᠶᠠᠬᠤ ᠰᠦᠯᠵᠢᠶᠡᠨ ᠬᠢᠴᠢᠶᠡᠯ
ᠰᠢᠰᠲ᠋ᠧᠮᠵᠢᠭᠦᠯᠵᠦ ᠬᠡᠷᠡᠭᠯᠡᠭᠰᠡᠨ ᠦᠭᠡ ᠠᠶ᠎ᠠ ᠴᠢᠨᠢ
ᠰᠤᠳᠤᠯᠵᠤ ᠰᠢᠨᠵᠢᠯᠡᠬᠦ ᠴᠢᠬᠤᠯᠠ ᠮᠠᠲ᠋ᠧᠷᠢᠶᠠᠯ
ᠥᠪᠡᠷᠮᠢᠴᠡ ᠣᠨᠴᠠᠯᠢᠭ ᠲᠠᠢ ᠬᠡᠪ ᠨᠠᠮᠪᠠ ᠶ᠋ᠢ ᠴᠢᠨᠢ
ᠦᠷ᠎ᠡ ᠬᠣᠢᠴᠢᠰ ᠴᠢᠨᠢ ᠤᠯᠠᠮᠵᠢᠯᠠᠵᠤ ᠪᠠᠢᠨ᠎ᠠ
ᠦᠯᠢᠭᠡᠷ ᠤᠷᠠᠯᠢᠭ ᠤ᠋ᠨ ᠲᠣᠮᠣ ᠬᠦᠷᠢᠶᠡᠯᠡᠩ ᠳᠤ
ᠥᠩᠭᠡ ᠢᠯᠭᠠᠷᠠᠮ᠎ᠠ ᠳᠡᠯᠭᠡᠷᠡᠵᠦ ᠪᠠᠢᠨ᠎ᠠ ᠃
2023 ᠂ 8᠂ 16
ᠵᠣᠬᠢᠶᠠᠭᠴᠢ᠄ ᠬᠠᠨ ᠹᠦ᠋ ᠯᠢᠨ
ᠬᠡᠯᠡᠭᠰᠡᠨ ᠨᠢ᠄ ᠣᠶᠤᠨᠪᠢᠯᠢᠭ᠌
ᠦᠰᠦᠭ ᠠᠮᠢᠯᠠᠭᠤᠯᠤᠭᠴᠢ᠄ ᠪᠠᠯᠵᠢ
ᠬᠢᠨᠠᠭᠴᠢ᠄ ᠣᠳᠬᠠᠨᠰᠸ᠎ᠠ
