ᠭᠢᠨᠳᠠᠨ ᠎ ᠢ ᠡᠪᠳᠡᠵᠦ ᠭᠠᠳᠠ ᠎ᠪᠠᠨ ᠠᠪᠤᠷᠠᠭᠰᠠᠨ ᠨᠢ Гянданг эвдэж гадаа аварсан нь ᠦᠯᠢᠭᠡᠷ ᠬᠣᠯᠪᠣᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠢᠨᠳᠠᠨ ᠎ ᠢ ᠡᠪᠳᠡᠵᠦ ᠭᠠᠳᠠ ᠎ᠪᠠᠨ ᠠᠪᠤᠷᠠᠭᠰᠠᠨ ᠨᠢ Гянданг эвдэж гадаа аварсан нь

ᠭᠢᠨᠳᠠᠨ ᠎ ᠢ ᠡᠪᠳᠡᠵᠦ ᠭᠠᠳᠠ ᠎ᠪᠠᠨ ᠠᠪᠤᠷᠠᠭᠰᠠᠨ ᠨᠢ Гянданг эвдэж гадаа аварсан нь

2023-09-27

1201

ᠭᠢᠨᠳᠠᠨ ᠎ ᠢ ᠡᠪᠳᠡᠵᠦ ᠭᠠᠳᠠ ᠎ᠪᠠᠨ ᠠᠪᠤᠷᠠᠭᠰᠠᠨ ᠨᠢ


                ᠭᠠᠳᠠ ᠮᠡᠶ᠋ᠢᠷᠡᠨ ᠪ ᠦᠯᠢᠭᠡᠷ ᠡᠴᠡ 
                ᠰᠣᠩᠭᠣᠨ ᠨᠠᠶ᠋ᠢᠷᠠᠭᠤᠯᠤᠭᠰᠠᠨ ᠨᠠᠶ᠋ᠢᠷᠯᠠᠯ ᠬᠣᠯᠪᠣᠬ᠋᠎ᠠ

            ᠲᠣᠭᠯᠠᠭᠴᠢ ᠄ ᠠ‍  ᠡ‍ ᠢ‍  ᠣ‍ ᠵᠡᠷᠭᠡ ᠬᠥᠮᠦᠰ  
 
ᠤᠯᠠᠨ ᠄
          ᠬᠤᠭᠤᠷ ᠶ᠋ᠢᠠᠨ ᠪᠠᠷᠢᠭᠠᠳ ᠬᠣᠯᠪᠣᠲᠠᠭ ᠨᠢ
          ᠬᠣᠪᠢᠨ ᠪ ᠦᠨᠲᠦᠰᠦᠲᠡᠨ ᠪ ᠣᠨᠴᠠᠯᠢᠬ ᠠ᠋ ᠂
          ᠬᠠᠲᠠᠨ ᠪᠠᠭᠠᠲᠤᠷ ᠶ᠋ᠢᠠᠨ ᠮᠠᠭᠲᠠᠲᠠᠭ ᠨᠢ
          ᠬᠣᠯᠪᠣᠭᠠᠴᠢᠨ ᠪᠢᠲᠡᠨ ᠪ ᠵᠠᠩᠰᠢᠯ ᠠ᠋ ᠃
 
          ᠮᠣᠷᠢᠨ ᠬᠤᠭᠤᠷ ᠶ᠋ᠢᠠᠨ  ᠬᠥᠭᠯᠡᠭᠦᠯᠳᠡᠭ ᠨᠢ
          ᠮᠠᠯᠴᠢᠨ ᠪᠢᠲᠡᠨ ᠪ ᠤᠯᠠᠮᠵᠢᠯᠠᠯ ᠠ᠋ ᠂
          ᠮᠠᠭᠲᠠᠭᠠᠯᠲᠤ ᠦᠢᠯᠡᠰ ᠶ᠋ᠢᠡᠨ ᠤᠶᠠᠩᠭᠠᠯᠠᠲᠠᠭ ᠨᠢ
          ᠮᠣᠩᠭᠣᠯᠴᠤᠳ ᠪᠢᠲᠡᠨ ᠪ ᠣᠮᠣᠭᠰᠢᠯ ᠠ᠋ ᠃

 ᠠ‍ ᠄
       ᠵᠸ ᠂ ᠦᠯᠢᠭᠡᠷ ᠦ᠋ᠨ ᠦᠴᠢᠷ ᠂ ᠦᠭᠦᠯᠡᠬᠦ ᠬᠣᠯᠪᠣᠬ᠋᠎ᠠ1929 ᠣᠨ ᠪ ᠤᠴᠢᠷ ᠪᠣᠯᠤᠨ᠎ᠠ ᠃ ᠣᠷᠣᠢ ᠶ᠋ᠢᠨ  ᠴᠢᠮᠡᠭ ᠭᠡᠵᠦ ᠣᠭᠰᠣᠯᠵᠠᠭᠰᠠᠨ ᠳᠠᠷᠬᠠᠨ ᠸᠠᠩ ᠥᠩᠭᠡ ᠳᠠᠷᠠᠰᠤᠨ  ᠳᠦ ᠪᠢᠯᠠᠭᠤᠷᠠᠭᠠᠳ ᠂ ᠬᠢᠲᠠᠳ ᠦ᠋ᠨ ᠵᠠᠯᠢᠬᠠᠢ ᠶ᠋ᠢᠨ ᠥᠬᠢᠨ ᠊ᠢ ᠬᠠᠲᠤᠨ ᠲᠠᠲᠠᠵᠤ ᠲᠠᠩᠰᠤᠭ ᠪᠠᠶᠠᠯᠢᠬ ᠳᠠᠷᠬᠠᠨ ᠬᠤᠰᠢᠭᠤ ᠪᠠᠨ ᠰᠠᠨᠠᠬ᠋᠎ᠠ ᠲᠠᠪᠠ ᠪᠠᠷ ᠶ᠋ᠢᠠᠨ ᠬᠤᠲᠠᠯᠲᠤᠬᠤ ᠳᠦ ᠭᠠᠲᠠ ᠮᠡᠶ᠋ᠢᠷᠡᠨ ᠲᠦᠷᠦᠭᠦᠲᠠᠢ ᠮᠠᠯᠴᠢᠳ ᠦ᠋ᠨ ᠡᠩᠨᠡᠭᠡ ᠳᠠᠷᠬᠠᠨ ᠪ ᠮᠣᠩᠭᠣᠯᠴᠤᠳ ᠶ᠋ᠢᠠᠨ ᠲᠥᠯᠥᠭᠡᠯᠡᠵᠦ ᠮᠦᠭᠳᠡᠨ  ᠳᠦ ᠬᠦᠷᠴᠦ ᠵᠠᠭᠠᠯᠲᠤᠯᠬ᠋᠎ᠠ  ᠬᠢᠭᠰᠡᠨ ᠳᠦ ᠭᠡᠲᠡᠷᠭᠦ ᠸᠠᠩ ᠊ᠢ  ᠡᠰᠡᠷᠭᠦᠴᠡᠭᠰᠡᠨ ᠶᠠᠯ᠎ᠠ ᠲᠤᠯᠭᠠᠵᠤ ᠂ ᠭᠢᠨᠲᠠᠨ ᠳᠦ ᠬᠣᠷᠢᠵᠤ ᠠᠯᠠᠬᠤ ᠶᠠᠯ᠎ᠠ ᠪᠠᠷ ᠰᠢᠳᠬᠡᠭᠳᠡᠪᠡ᠃

ᠤᠯᠠᠨ ᠄
          ᠦᠭᠦᠯᠡᠵᠦ ᠬᠡᠯᠡᠬᠦ ᠬᠣᠯᠪᠣᠬ᠋᠎ᠠ
          ᠡᠨᠲᠡ ᠡᠴᠡ ᠰᠡᠲᠦᠪ ᠵᠠᠯᠭᠠᠨ᠎ᠠ ᠂
          ᠥᠷᠯᠥᠭ ᠪᠠᠭᠠᠲᠤᠷ ᠶ᠋ᠢᠠᠨ ᠠᠪᠤᠷᠠᠬᠤ
          ᠥᠷᠨᠢᠭᠦᠨ ᠪᠠᠶ᠋ᠢᠯᠲᠤᠭᠠᠨ ᠶ᠋ᠢᠠᠨ ᠲᠣᠭᠠᠴᠢᠨ᠎ᠠ
          ᠬᠠᠷ᠎ᠠ ᠡᠭᠦᠯᠡ ᠨᠡᠲᠦᠶ᠋ᠢᠭᠡᠳ
          ᠬᠠᠨ ᠳᠡᠯᠡᠬᠡᠢ ᠬᠠᠷᠠᠩᠭᠤᠶ᠋ᠢᠯᠠᠨ᠎ᠠ ᠂
          ᠬᠠᠤᠬᠢᠬᠤ ᠰᠠᠯᠬᠢ ᠢᠰᠬᠡᠷᠦᠭᠡᠳ
          ᠬᠠᠮᠤᠭ ᠪᠣᠲᠠᠰ ᠊ᠢ ᠰᠢᠯᠪᠢᠭᠦᠷᠲᠡᠨ᠎ᠡ ᠃

          ᠡᠯᠡᠷ ᠪᠠᠯᠠᠷ ᠴᠠᠰᠤᠨ ᠳᠤᠮᠳᠠᠭᠤᠷ
          ᠠᠷᠪᠠᠭᠠᠳ ᠮᠣᠷᠢᠲᠠᠨ ᠳᠠᠪᠬᠢᠭᠤᠯᠵᠤ ᠢᠷᠡᠨ᠎ᠡ ᠃
          ᠠᠷᠪᠠᠨ ᠨᠠᠢ᠍ᠮᠠᠨ ᠳᠠᠪᠠᠬ᠋᠎ᠠ ᠶ᠋ᠢᠨ ᠳᠡᠭᠡᠭᠦᠷ
          ᠠᠭᠲᠠ ᠬᠥᠯᠦᠭ ᠶ᠋ᠢᠡᠨ ᠨᠢᠰᠭᠡᠵᠤ ᠢᠷᠡᠨ᠎ᠡ ᠃
          ᠪᠣᠮᠪᠣᠭᠣᠷ ᠱᠣᠮᠪᠣᠭᠣᠷ ᠵᠣ᠋ ᠂ ᠬᠤᠸᠠ ᠶ᠋ᠢ
          ᠳᠠᠪᠠᠭᠠᠳ ᠳᠠᠪᠠᠭᠠᠳ ᠭᠠᠷᠴᠤ ᠶᠠᠪᠤᠨ᠎ᠠ ᠂
          ᠪᠣᠰᠤᠬ᠋᠎ᠠ ᠪᠣᠰᠤᠬ᠋᠎ᠠ ᠡᠯᠡᠰᠦ ᠮᠠᠩᠬ᠎ᠠ ᠶ᠋ᠢ
          ᠥᠩᠭᠡᠷᠡᠭᠡᠳ ᠥᠩᠭᠡᠷᠡᠭᠡᠳ ᠬᠠᠷᠠᠶ᠋ᠢᠯᠭᠠᠵᠤ ᠶᠠᠪᠤᠨ᠎ᠠ ᠃
          ᠴᠠᠩ ᠡᠸ ᠳᠠᠭᠢᠨᠢᠰ ᠦ᠋ᠨ ᠪᠤᠷᠢᠯᠤ᠎ᠠ ‍ᠤᠤ
          ᠴᠠᠭᠠᠨ ᠬᠤᠶᠠᠭ ᠬᠡᠲᠤᠷᠴᠡᠵᠠᠢ
          ᠴᠠᠰᠤᠨ ᠰᠠᠬᠢᠭᠤᠯᠰᠤᠨ ᠪ ᠬᠤᠪᠢᠯᠭᠠᠨ ‍ᠤᠤ
          ᠴᠠᠶ᠋ᠢᠷᠠᠰ ᠲᠠᠲᠠᠨ ᠭᠢᠯᠪᠡᠯᠵᠡᠵᠡᠢ ᠃
          ᠴᠠᠰᠤ ᠰᠢᠭᠤᠷᠬ᠋᠎ᠠ ᠲᠣᠭᠰᠢᠷᠵᠤ ᠯᠠ ᠪᠠᠶ᠋ᠢᠨ᠎ᠠ᠂
          ᠰᠠᠯᠬᠢᠨ ᠪ ᠬᠦᠴᠦᠨ  ᠳᠦ ᠢᠰᠬᠡᠷᠴᠦ ᠯᠡ ᠪᠠᠶ᠋ᠢᠨ᠎ᠠ᠃
          ᠴᠠᠭᠠᠨ ᠬᠤᠶᠠᠭᠲᠠᠳ ᠳᠠᠪᠬᠢᠯᠲ‍ᠤᠵᠤ ᠯᠠ ᠪᠠᠶ᠋ᠢᠨ᠎ᠠ᠂
          ᠴᠠᠯᠲ‍ᠠᠰ ᠦ᠋ᠨ ᠡᠭᠦᠷ  ᠣᠶ᠋ᠢᠷᠠᠤ‍ᠠᠴᠤ ᠯᠠ ᠪᠠᠶ᠋ᠢᠨ᠎ᠠ᠃

 ᠡ‍᠄
       ᠵᠸ᠂  ᠥᠷᠯᠥᠭ ᠪᠠᠭᠠᠲᠤᠷ ᠭᠠᠳᠠ ᠮᠡᠶ᠋ᠢᠷᠡᠨ ᠊ᠢ  ᠥᠰᠢᠶᠡᠲᠡᠨ ᠳᠠᠶ᠋ᠢᠰᠤᠨ ᠬᠣᠣᠷᠯᠠᠬᠤ ᠴᠢᠮᠡᠭᠡ ᠶ᠋ᠢ ᠰᠣᠨᠣᠰᠤᠭᠠᠳ᠂ ᠥᠷᠦᠴᠡ ᠵᠢᠷᠦᠬᠡ ᠨᠢ ᠳᠡᠯᠪᠡᠷᠡᠲᠡᠯ᠎ᠡ ᠬᠢᠯᠢᠩᠯᠡᠵᠦ᠂ ᠥᠨᠡᠭᠡ ᠴᠢᠨᠣ᠎ᠠ ᠶ᠋ᠢ ᠬᠢᠶᠠᠷᠠᠲᠠᠯ᠎ᠠ ᠠᠯᠠᠵᠤ ᠥᠪᠡᠷ ᠦ᠋ᠨ ᠮᠡᠶ᠋ᠢᠷᠡᠨ ᠊ᠢ ᠠᠪᠤᠷᠠᠬᠤ ᠪᠠᠷ ᠮᠦᠲ‍ᠡᠨ ᠶ᠋ᠢᠡᠷ ᠲᠣᠯᠣᠭᠠᠶ᠋ᠢᠯᠠᠭᠰᠨ ᠮᠠᠯᠴᠢᠳ ᠦ᠋ᠨ ᠡᠩᠨᠡᠭᠡ ᠠᠶᠣᠯᠲᠤ ᠰᠢᠭᠤᠷᠬ᠋᠎ᠠ  ᠳᠦ ᠰᠢᠷᠭᠤᠯᠵᠤ ᠢᠷᠡᠭᠰᠡᠨ ᠨᠢ ᠡᠨᠡ ᠪᠠᠶ᠋ᠢᠵᠠᠢ᠃

          ᠠᠲᠠᠭᠠᠲᠠᠨ ᠳᠡᠭᠡᠷᠡᠮ ᠦ᠋ᠨ ᠡᠭᠦᠷ ᠊ᠢ
          ᠠᠯᠲ‍ᠠᠯ ᠦᠭᠡᠢ ᠭᠠᠯᠲ‍ᠠᠬᠤ ᠶ᠋ᠢᠨ ᠲᠥᠯᠥᠭᠡ
          ᠠᠶᠤᠯᠲᠤ ᠭᠢᠨᠲ‍ᠠᠨ ᠊ᠢ ᠪᠠᠯᠪᠠᠴᠢᠭᠠᠳ
          ᠠᠮᠠᠷᠠᠭ ᠨᠥᠬᠥᠷ ᠶ᠋ᠢᠡᠨ ᠠᠪᠤᠷᠠᠬᠤ ᠶ᠋ᠢᠨ ᠲᠥᠯᠥᠭᠡ

          ᠥᠯᠵᠡᠶ᠋ᠢᠲᠦ ᠶ᠋ᠢᠨ ᠮᠠᠩᠬ᠎ᠠ ᠶ᠋ᠢᠨ ᠡᠩᠭᠡᠷ᠎ ᠲᠤ
          ᠦᠶ᠎ᠡ ᠶ᠋ᠢᠨ ᠨᠥᠬᠥᠳ ᠶ᠋ᠢᠡᠨ ᠦᠯᠡᠲ‍ᠡᠭᠡᠨ᠎ᠡ᠃
          ᠤᠨᠤᠭᠰᠠᠨ ᠬᠥᠯᠥᠭ ᠦ᠋ᠨ ᠲᠤᠭᠤᠷᠠᠢ ᠳ᠋ᠤᠨᠢ
          ᠡᠭᠦᠯᠡ ᠰᠠᠯᠬᠢ ᠣᠷᠢᠶᠠᠯᠲ‍ᠤᠨ᠎ᠠ᠂ 
          ᠤᠭᠠᠯᠵᠠ ᠬᠡ ᠲᠡᠢ ᠬᠦᠯᠢᠮ ᠨᠢ 
          ᠡᠨᠲᠢ ᠲᠡᠨᠲ‍ᠡᠢ ᠨᠢ ᠳᠡᠯᠭᠡᠨ᠎ᠡ᠃
          ᠬᠤᠷᠠᠭᠠᠨ ᠠᠷᠠᠰᠤᠨ ᠬᠦᠷᠮ᠎ᠡ ᠨᠢ
          ᠯᠠᠪᠷᠠᠢ ᠪᠣᠯᠤᠨ ᠯᠠᠪᠰᠠᠯᠠᠨ᠎ᠠ᠃

          ᠪᠤᠲᠠᠨ ᠳᠦ ᠰᠢᠷᠭᠤᠭᠰᠠᠨ ᠴᠢᠨᠣ᠎ᠠ ᠨᠤᠭᠤᠳ
          ᠰᠣᠴᠢᠨ ᠰᠣᠴᠢᠨ ᠪᠤᠷᠤᠭᠤᠯᠠᠨ᠎ᠠ
          ᠡᠯᠢᠨ ᠬᠠᠯᠢᠨ ᠪᠦᠷᠭᠦᠳ
          ᠡᠮᠦᠨ᠎ᠡ ᠬᠣᠶ᠋ᠢᠨ᠎ᠠ ᠳᠡᠪᠲ‍ᠡᠷᠢᠨ᠎ᠡ      
          ᠥᠰᠢᠶᠡᠲᠡᠨ ᠳᠠᠶ᠋ᠢᠰᠤᠨ ᠪ ᠤᠷᠳᠤ ᠶ᠋ᠢ   
          ᠦᠵᠡᠬᠦ ᠶ᠋ᠢᠨ ᠬᠣᠭᠣᠷᠣᠨᠳᠣ ᠣᠶ᠋ᠢᠷᠠᠲᠤᠨ᠎ᠠ᠃

 ᠢ‍᠄
       ᠵᠸ ᠮᠦᠲ‍ᠠᠨ ᠥᠰᠢᠶᠡᠲᠡᠨ ᠳᠠᠶ᠋ᠢᠰᠤᠨ ᠪ ᠡᠭᠦᠷ ᠲᠦ ᠰᠢᠷᠭᠤᠯᠠᠨ ᠬᠢᠨᠲ‍ᠠᠨ ᠊ᠢ ᠬᠠᠮᠢᠶᠠᠷᠴᠤ ᠪᠠᠶ᠋ᠢᠬᠰᠠᠨ ᠸᠠᠩ ᠦ᠋ᠨ ᠪᠢᠴᠢᠭᠡᠴᠢ ᠶ᠋ᠢᠨ ᠭᠡᠷ ᠲᠤ ᠣᠷᠣᠬᠤ ᠳᠦ

          ᠬᠣᠵᠤᠤᠯ᠎ᠠ ᠶ᠋ᠢᠨ ᠭᠠᠯ ᠦ᠋ᠨ ᠰᠣᠷ ᠳᠡᠭᠡᠷ᠎ᠡ
          ᠬᠣᠨᠲ‍ᠠᠭᠠᠲᠤ ᠳᠠᠷᠠᠰᠤ ᠪᠣᠷᠭᠢᠯᠤᠨ᠎ᠠ
          ᠬᠣᠨᠢᠨ ᠨᠣᠣᠰᠣᠨ ᠢᠰᠡᠭᠡᠢ ᠳᠡᠭᠡᠷ᠎ᠡ
          ᠬᠣᠶᠠᠷ ᠭᠠᠶ᠋ᠢᠬᠠᠯ ᠰᠤᠯᠲ‍ᠠᠶ᠋ᠢᠨ᠎ᠠ᠃

          ᠬᠠᠷ᠎ᠠ ᠲᠠᠮᠠᠬᠢ ᠶ᠋ᠢᠨ ᠦᠨᠦᠷ
          ᠬᠠᠮᠠᠷ ᠦ᠋ᠨ ᠨᠦᠬᠡ ᠴᠣᠷᠭᠢᠨ᠎ᠠ᠂
          ᠬᠠᠷ᠎ᠠ ᠡᠷᠢᠶᠡᠨ ᠢᠯᠠᠬ᠋᠎ᠠ
          ᠬᠠᠨ᠎ᠠ ᠬᠡᠷᠡᠮ ᠮᠥᠷᠭᠦᠯᠬᠢᠯᠠᠨ᠎ᠠ᠃

 ᠠ‍᠄
       ᠮᠦᠲ‍ᠠᠨ ᠭᠢᠨᠲ‍ᠠᠨ ᠪ ᠪᠠᠶ᠋ᠢᠲ‍ᠠᠯ ᠊ᠢ ᠤᠯᠠᠮ ᠨᠢᠭᠡ ᠠᠯᠬᠤᠮ ᠤᠶ᠋ᠢᠯᠭᠠᠬᠤ ᠶ᠋ᠢᠨ ᠲᠥᠯᠥᠭᠡ ᠲᠥᠪᠯᠡᠭᠦᠨ ᠶ᠋ᠢᠡᠷ ᠬᠣᠶᠠᠷ ᠪᠢᠴᠢᠭᠡᠴᠢ ᠳᠦ

          ᠬᠣᠲᠠ ᠠ᠋ᠴᠠ ᠠᠪᠴᠢᠷᠠᠭᠰᠠᠨ ᠲᠠᠮᠠᠬᠢ ᠭᠡᠳ
          ᠬᠣᠶᠠᠷ ᠭᠠᠶ᠋ᠢᠬᠠᠯ ᠳᠦ ᠳᠦᠯᠬᠢᠨ᠎ᠠ᠂
          ᠬᠣᠷᠠᠮᠲ‍ᠠᠭᠤᠯᠵᠤ ᠴᠤᠭᠯᠠᠭᠤᠮᠤᠭᠰᠠᠨ ᠰᠢᠷ᠎ᠠ ᠲᠣᠰᠣ ᠭᠡᠳ
          ᠬᠣᠷᠭᠣ ᠳᠡᠭᠡᠷ᠎ᠡ ᠨᠢ ᠲᠠᠯᠪᠢᠨ᠎ᠠ᠃

          ᠥᠪᠡᠷ ᠦ᠋ᠨ ᠨᠥᠬᠥᠷ ᠭᠠᠳᠠ ᠪᠠᠨ
          ᠦᠵᠡᠶ᠎ᠡ ᠭᠡᠳ ᠭᠤᠶᠤᠵᠤ ᠪᠠᠶ᠋ᠢᠨ᠎ᠠ
          ᠥᠷᠥᠴᠡ ᠵᠢᠷᠦᠬᠡᠨ ᠳ᠋ᠡᠭᠡᠨ ᠡᠨᠡᠷᠢᠭᠡᠷᠡᠢ ᠭᠡᠳ 
          ᠡᠨᠡ ᠬᠣᠶᠠᠷ ᠊ᠢ ᠱᠠᠭᠠᠷᠲ‍ᠠᠨ᠎ᠠ᠃


  ᠠ‍᠄
       ᠬᠣᠶᠠᠷ ᠪᠢᠴᠢᠭᠡᠴᠢ ᠲᠠᠮᠠᠬᠢ᠂ ᠲᠣᠰᠣ ᠶ᠋ᠢ ᠦᠵᠡᠭᠡᠳ᠄
         
          ᠲᠣᠰᠣ ᠲᠠᠮᠠᠬᠢ ᠳᠤᠲᠠᠬᠤ ᠦᠭᠡᠢ ᠭᠡᠳ
          ᠲᠣᠯᠣᠭᠠᠢ ᠲᠦᠷᠦᠭᠦᠦ ᠪᠡᠨ ᠳᠠᠮᠠᠷᠤᠲ‍ᠠᠨ᠎ᠠ᠃
          ᠳᠣᠯᠣᠪᠤᠷ ᠬᠤᠷᠤᠭᠤ ᠪᠠᠷ ᠲᠦᠯᠬᠢᠭᠡᠳ   
          ᠳᠤᠮᠳᠠ ᠬᠤᠷᠤᠭᠤ ᠪᠠᠷ ᠶ᠋ᠢᠠᠨ ᠭᠣᠬᠠᠲ‍ᠠᠨ᠎ᠠ᠃

          ᠡᠳ᠋ ᠪᠡᠯᠡᠭ ᠊ᠢ ᠨᠢ ᠬᠤᠷᠢᠶᠠᠴᠢᠬᠠᠭᠠᠳ
          ᠡᠨᠡᠲᠡᠢ ᠲᠠᠯ᠎ᠠ ᠳ᠋ᠠᠭᠠᠨ ᠣᠪᠤᠭᠠᠯᠠᠨ᠎ᠠ
          ᠡᠨᠡ ᠴᠠᠰᠤᠨ ᠳᠦ ᠪᠣᠯᠬᠤ ᠦᠭᠡᠢ ᠭᠡᠳ
          ᠡᠷᠭᠢᠵᠦ ᠮᠦᠲ‍ᠠᠨ  ᠊ᠢ ᠬᠥᠭᠡᠭᠡᠨ᠎ᠡ 

 ᠣᠯᠠᠨ᠄
          ᠵᠠ᠂ ᠡᠭᠦᠨ ᠊ᠢ ᠦᠵᠡᠭᠡᠳ ᠮᠦᠲ‍ᠠᠨ ᠪ
          ᠬᠣᠩᠭᠣᠷ ᠵᠢᠷᠦᠬᠡᠨ ᠪ ᠬᠢᠯᠢᠩ ᠨᠢ
          ᠬᠤᠵᠤᠤᠯ᠎ᠠ ᠶ᠋ᠢᠨ ᠭᠠᠯ ᠰᠢᠭ᠋ ᠳᠦᠷᠡᠯᠵᠡᠨ᠎ᠡ᠂
          ᠬᠣᠷᠢᠬᠲ‍ᠠᠬᠤ ᠨᠥᠬᠥᠷ ᠶ᠋ᠢᠡᠨ ᠰᠠᠨᠠᠭᠠᠳ
          ᠬᠣᠷᠣᠰᠤᠯ ᠵᠠᠨᠤᠯ ᠨᠢ ᠨᠡᠮᠡᠭᠳᠡᠨ᠎ᠡ᠃

          ᠡᠮᠤᠰᠴᠤ ᠪᠠᠶ᠋ᠢᠬᠰᠠᠨ ᠭᠠᠲ‍ᠠᠷ ᠳᠡᠪᠡᠯ ᠦ᠋ᠨ ᠶ᠋ᠢᠡᠨ
          ᠡᠩᠭᠡᠷ ᠬᠣᠷᠮᠣᠢ ᠶ᠋ᠢ ᠨᠢ ᠰᠠᠵᠢᠮᠠᠭᠴᠠ᠂
          ᠥᠷᠭᠡᠨ ᠪᠦᠰᠡᠨ ᠳ᠋ᠡᠬᠢ ᠫᠣᠣ ᠪᠠᠨ
          ᠥᠤ‍ᠠᠲᠡᠷ ᠲᠦᠷᠭᠡᠨ ᠰᠤᠭᠤᠯᠤᠨ᠎ᠠ᠃

          ᠭᠠᠯ ᠪᠠᠲ‍ᠠᠷᠠᠭᠰᠠᠨ ᠨᠢᠳᠦ ᠨᠢ
          ᠭᠠᠷᠠᠬ᠎ᠠ ᠠᠲ‍ᠠᠯᠢ ᠲᠥᠭᠥᠷᠢᠭ᠌ᠯᠡᠨ᠎ᠡ᠂
          ᠭᠠᠷᠬᠤ ᠡᠭᠦᠳᠡ ᠶ᠋ᠢ ᠨᠢ ᠪᠦᠭᠯᠡᠭᠡᠳ
          ᠭᠠᠷ ᠫᠣᠣ ᠪᠠᠨ ᠲᠤᠯᠭᠠᠨ᠎ᠠ᠃

          ᠬᠣᠶᠠᠷ ᠭᠠᠶ᠋ᠢᠬᠠᠯ ᠥᠨᠲ‍ᠡᠶ᠋ᠢᠨ᠎ᠡ᠂ 
          ᠬᠣᠶ᠋ᠢᠭᠤᠷ ᠠᠷᠬ᠋᠎ᠠ ᠪᠠᠨ ᠰᠢᠪᠬᠠᠨ᠎ᠠ᠃
          ᠬᠡᠪᠲᠡᠭᠰᠡᠨ ᠣᠷᠣᠨ ᠠ᠋ᠴᠠ ᠪᠠᠨ ᠮᠥᠯᠬᠦᠨ᠎ᠠ᠂
          ᠬᠦᠰᠡᠷ ᠰᠥᠭᠦᠲ‍ᠦᠭᠡᠳ ᠶᠣᠭᠣᠨ᠎ᠠ᠃

          ᠠᠩᠴᠢᠨ ᠬᠥᠮᠦᠨ ᠪ ᠦᠷᠡᠰ ᠶᠤᠮ
          ᠠᠷᠢᠶᠠᠲᠠᠨ ᠪ ᠠᠷᠬ᠋᠎ᠠ ᠳᠦ ᠭᠡᠨᠡᠳᠡᠭᠳᠡᠬᠦ ‍ᠦᠦ?
          ᠠᠮᠠᠷᠠᠭ ᠨᠥᠬᠥᠷ ᠶ᠋ᠢᠡᠨ ᠠᠪᠤᠷᠠᠬᠤ ᠶ‍ᠤᠮ᠃
          ᠠᠶᠤᠤᠯᠢᠬᠠᠢ ᠴᠡᠭᠡᠵᠢ ᠨᠢ ᠪᠠᠯᠠᠷᠲ‍ᠠᠬᠤ ‍ᠦᠦ?

          ᠲᠣᠩᠰᠢᠭᠤᠷ ᠰᠢᠪᠠᠭᠤ ᠰᠢᠭ᠋ ᠬᠡᠬᠦᠯᠵᠡᠭᠡᠳ 
          ᠲᠤᠯᠵᠤ ᠢᠷᠡᠭᠰᠡᠨ ᠬᠣᠶᠠᠷ ᠦ᠋ᠨ
          ᠳᠤᠬᠤ ᠥᠭᠡᠳᠡ ᠨᠢ ᠫᠤᠤ ᠲᠤᠯᠭᠠᠨ᠎ᠠ᠂  
          ᠳᠤᠭᠲᠤᠷᠴᠤ ᠴᠢᠨᠠᠭᠰᠢ ᠪᠠᠨ ᠬᠥᠭᠡᠭᠡᠨ᠎ᠡ᠃

 ᠡ‍᠄
       ᠵᠠ᠂ ᠮᠦᠲ‍ᠠᠨ ᠬᠣᠶᠠᠷ ᠪᠢᠴᠢᠭᠡᠴᠢ ᠶ᠋ᠢ ᠨᠢᠭᠡ ᠪᠡᠷ  ᠨᠢ ᠨᠢᠭᠡ ᠶ᠋ᠢ ᠨᠢ ᠠᠲᠤᠷᠢᠲᠠᠯ᠎ᠠ ᠬᠦᠯᠢᠭᠦᠯᠦᠭᠡᠳ᠄

          ᠠᠭᠠᠷ ᠥᠭᠡᠳᠡ ᠬᠠᠷᠪᠤᠨ᠎ᠠ
          ᠠᠨᠳᠠ ᠨᠥᠬᠥᠳ ᠶ᠋ᠢᠡᠨ ᠴᠤᠭᠯᠠᠭᠤᠯᠤᠨ᠎ᠠ᠂
          ᠠᠲᠠᠭᠠᠲᠠᠨ ᠪ ᠡᠭᠦᠷ ᠊ᠢ ᠪᠦᠰᠡᠯᠡᠨ᠎ᠡ᠂
          ᠠᠷᠤ ᠶ᠋ᠢᠨ ᠭᠢᠨᠲ‍ᠠᠨ ᠊ᠢ ᠣᠶ᠋ᠢᠷᠠᠲᠤᠨ᠎ᠠ᠃

          ᠵᠠᠮ ᠦ᠋ᠨ ᠪᠣᠭᠣᠮᠲᠠ ᠶ᠋ᠢ
          ᠵᠢᠭᠠᠪᠤᠷᠢ ᠶᠣᠰᠣᠭᠠᠷ ᠬᠠᠭᠠᠨ᠎ᠠ᠃
          ᠵᠠᠯᠢᠬᠠᠢ ᠶ᠋ᠢᠨ ᠡᠭᠦᠷ ᠊ᠢ ᠲᠥᠭᠥᠷᠢᠭᠯᠡᠭᠡᠳ
          ᠵᠢᠯᠢᠢᠵᠦ ᠭᠠᠷᠬᠤ ᠡᠴᠡ ᠨᠢ ᠰᠡᠷᠭᠡᠶ᠋ᠢᠯᠡᠨ᠎ᠡ᠃

 ᠣᠯᠠᠠ᠄ 
       ᠵᠠ᠂ ᠮᠦᠲ‍ᠠᠨ ᠪ‍ ᠳᠣᠬᠢᠶ᠎ᠠ ᠶ᠋ᠢ ᠰᠣᠨᠣᠰᠤᠮᠠᠭᠴᠠ ᠦᠶ᠎ᠡ ᠶ᠋ᠢᠨ ᠨᠥᠬᠥᠳ ᠨᠢ ᠸᠠᠩ ᠦ᠋ᠨ ᠤᠷᠲᠤ ᠶ᠋ᠢ ᠭᠠᠩ ᠴᠠᠭᠠᠷᠢᠭ ᠰᠢᠭ᠋ ᠪᠦᠰᠡᠯᠡᠨ ᠠᠪᠤᠭᠠᠳ ᠮᠦᠲ‍ᠠᠨ ᠊ᠢ ᠳᠠᠭᠠᠭᠠᠳ ᠳᠣᠲᠣᠭᠰᠢ ᠪᠠᠶ᠋ᠢᠯᠲ‍ᠤᠨ ᠣᠷᠣᠨ᠎ᠠ᠃

          ᠬᠣᠶᠠᠷ ᠮᠣᠷᠢ ᠶ᠋ᠢ ᠮᠦᠲ‍ᠠᠨ ᠲᠠᠰᠢᠭᠤᠷᠲ‍ᠠᠨ
          ᠬᠠᠮᠤᠭ ᠡᠮᠦᠨ᠎ᠡ ᠨᠢ ᠬᠤᠰᠢᠭᠤᠷᠠᠨ᠎ᠠ᠂
          ᠬᠣᠣᠰ ᠫᠣᠣ ᠶ᠋ᠢ ᠴᠡᠨᠡᠭᠯᠡᠨ
          ᠬᠣᠷᠢᠬᠲ‍ᠠᠯ ᠦ᠋ᠨ ᠭᠡᠷ ᠊ᠢ ᠴᠢᠭ᠌ᠯᠡᠨ᠎ᠡ᠃

          ᠵᠢᠷᠦᠬᠡᠨ ᠭᠣᠣᠯ ᠊ᠢ ᠴᠢᠭ᠌ᠯᠡᠨ ᠬᠠᠷᠪᠤᠨ᠎ᠠ
          ᠵᠠᠮ ᠲᠤᠰᠬᠤ ᠬᠥᠮᠦᠨ ᠪᠠᠶ᠋ᠢᠬᠤ ‍ᠤᠤ?  
          ᠵᠥᠪ ᠪᠤᠷᠤᠭᠤ ᠪᠠᠷ ᠠᠲ‍ᠠᠯᠢ ᠬᠠᠷᠪᠤᠨ᠎ᠠ
          ᠵᠦᠭᠯᠡᠵᠦ ᠡᠰᠡᠷᠭᠦᠴᠡᠬᠦ ᠠᠮᠢᠲᠠᠨ ᠪᠠᠶ᠋ᠢᠬᠤ ‍ᠤᠤ?

          ᠳᠡᠷᠪᠡᠯᠵᠡᠵᠦ ᠪᠠᠶ᠋ᠢᠬᠰᠠᠨ ᠳᠠᠷᠴᠤᠭ ᠦ᠋ᠨ ᠬᠢᠨ
          ᠳᠡᠭᠡᠰᠦᠨ ᠣᠷᠢᠶᠠᠯᠲᠠ ᠶ᠋ᠢ ᠨᠢ ᠲᠠᠰᠤ ᠬᠠᠷᠪᠤᠨ᠎ᠠ᠂
          ᠳᠡᠩᠬᠡᠶ᠋ᠢᠵᠦ ᠪᠠᠶ᠋ᠢᠬᠰᠠᠨ ᠬᠠᠷᠠᠭᠤᠯ ᠦ᠋ᠳ ᠊ᠢ ᠨᠢ
          ᠳᠡᠭᠲᠡᠷ ᠳᠡᠭᠡᠷ᠎ᠡ ᠨᠢ ᠳᠡᠭᠳᠡᠢᠲᠡᠯ᠎ᠡ ᠬᠠᠷᠪᠤᠨ᠎ᠠ᠃

          ᠭᠠᠯ ᠯᠤᠤ ᠭᠤᠷᠪᠠᠯᠵᠠᠭᠠᠳ
          ᠤᠷᠲᠤ ᠥᠷᠪᠢᠰᠤᠨ᠎ᠡ᠂ 
          ᠭᠠᠩ ᠰᠤᠮᠤ ᠱᠤᠩᠭᠢᠨᠠᠭᠠᠳ
          ᠭᠠᠶ᠋ᠢᠬᠠᠯ ᠳᠡᠭᠡᠷᠡᠮ ᠦ᠋ᠳ ᠰᠤᠯᠲ‍ᠠᠶ᠋ᠢᠨ᠎ᠠ

          ᠲᠣᠭᠣᠷᠴᠣᠭ ᠮᠠᠯᠠᠭᠠᠢ ᠪᠠᠨ ᠬᠠᠶᠠᠭᠠᠳ
          ᠳᠤᠬᠤ ᠦᠵᠡᠭᠦᠯᠦᠨ ᠵᠢᠭᠤᠲᠠᠨ᠎ᠠ᠂
          ᠲᠣᠷᠭᠠᠨ ᠬᠥᠨᠵᠢᠯᠡ ᠪᠡᠨ ᠨᠥᠮᠦᠷᠡᠨ
          ᠳᠣᠲᠣᠭᠰᠢ ᠭᠠᠲ‍ᠠᠭᠰᠢ ᠪᠤᠷᠤᠭᠤᠯᠠᠨ᠎ᠠ᠃

          ᠬᠠᠷ᠎ᠠ ᠭᠡᠷ ᠦ᠋ᠨ ᠡᠭᠦᠲ‍ᠡᠨ ᠪ
          ᠬᠠᠭᠠᠯᠬ᠋᠎ᠠ ᠣᠨᠢᠰᠣ ᠶ᠋ᠢ ᠨᠢ ᠪᠠᠯᠪᠠᠴᠢᠨ᠎ᠠ᠃
          ᠬᠠᠷ᠎ᠠ ᠬᠡᠭᠡᠷ ᠮᠣᠷᠢ ᠪᠠᠨ
          ᠬᠠᠶ᠋ᠢᠷᠠᠲᠤ ᠨᠥᠬᠥᠷ ᠲᠡᠭᠡᠨ ᠭᠠᠷᠲ‍ᠠᠭᠤᠯᠤᠨ᠎ᠠ᠃

          ᠡᠷᠡᠯᠬᠡᠭ ᠭᠠᠳᠠ ᠭᠠᠷᠴᠠᠢ ᠭᠡᠳ
          ᠥᠰᠢᠶᠡᠲᠡᠨ ᠳᠡᠭᠡᠷᠡᠮ ᠦ᠋ᠳ ᠴᠡᠴᠡᠷᠡᠨ᠎ᠡ᠂
          ᠡᠯᠵᠢᠭᠡᠨ ᠬᠠᠰᠢᠶ᠎ᠠ ᠰᠡᠯᠡᠭᠦᠦ ᠭᠡᠳ
          ᠡᠷᠡᠦ ᠬᠠᠪᠬᠢᠨᠠᠨ ᠭᠦᠶᠦᠯᠲ‍ᠦᠨ᠎ᠡ᠃

       ᠵᠠ᠂ ᠲᠡᠷᠡ ᠦᠶ᠎ᠡ  ᠳᠦ

          ᠬᠠᠭᠠᠴᠠᠭᠰᠠᠨ ᠡᠵᠡᠨ ᠲᠡᠢ ᠪᠡᠨ ᠵᠣᠯᠭᠠᠪᠠᠤ!
          ᠬᠠᠷ᠎ᠠ ᠬᠡᠭᠡᠷ ᠮᠣᠷᠢ ᠢᠨᠴᠠᠭᠠᠨ᠎ᠠ 
          ᠬᠠᠶ᠋ᠢᠷᠠᠲᠤ ᠨᠥᠬᠥᠳ ᠲᠡᠢ ᠪᠡᠨ ᠤᠴᠠᠷᠠᠪᠠᠤ? 
          ᠬᠠᠲ‍ᠠᠨ ᠭᠠᠳᠠ ᠪᠠᠶᠠᠷᠯᠠᠨ᠎ᠠ᠃

          ᠵᠠᠮ ᠵᠠᠮ ᠦ᠋ᠨ ᠨᠥᠬᠥᠳ ᠨᠢ
          ᠵᠢᠭᠠᠪᠤᠷᠢ ᠶᠣᠰᠣ ᠪᠠᠷ ᠴᠤᠭᠯᠠᠷᠠᠨ᠎ᠠ᠂
          ᠵᠢᠭᠠᠰᠤᠨ ᠲᠣᠣᠷ ᠰᠢᠭ᠋ ᠪᠥᠭᠡᠮᠨᠡᠷᠡᠭᠡᠳ
          ᠵᠠᠯᠢᠬᠠᠢ ᠶ᠋ᠢ ᠤᠰᠠᠤ‍ᠠᠬᠠᠬᠤ ᠪᠠᠷ ᠭᠠᠪᠰᠢᠭᠠᠶ᠋ᠢᠯᠠᠨ᠎ᠠ᠃

          ᠣᠪᠣᠭᠠᠨ ᠵ‍ᠣ᠋ ᠶ᠋ᠢᠨ ᠡᠩᠭᠡᠷ ᠲᠦ
          ᠣᠴᠢᠯᠠᠭᠰᠠᠨ ᠲᠦᠳᠡᠭ ᠳᠦᠷᠡᠯᠵᠡᠨ᠎ᠡ᠂
          ᠣᠯᠠᠨ ᠪᠠᠭᠠᠲᠤᠷ ᠦ᠋ᠳ ᠴᠤᠭᠯᠠᠷᠠᠭᠠᠳ
          ᠤᠷᠪᠠᠯᠬ᠋᠎ᠠ ᠭᠠᠷᠭᠠᠬᠤ ᠪᠠᠷ ᠲᠠᠩᠭᠠᠷᠢᠬᠯᠠᠨ᠎ᠠ

          ᠦᠬᠡᠷ ᠮᠠᠯ ᠳᠦ ᠮᠢᠷᠢᠶᠠᠭᠰᠠᠨ
          ᠥᠯᠥᠨ ᠴᠢᠨᠣ᠎ᠠ ᠶ᠋ᠢ ᠤᠰᠠᠤ‍ᠠᠬᠠᠨ᠎ᠠ᠂
          ᠥᠯᠥᠭᠡᠢ ᠨᠤᠲᠤᠭ ᠲᠠᠢ ᠬᠠᠯᠲ‍ᠠᠭᠰᠠᠨ
          ᠥᠰᠢᠶᠡᠲᠡᠨ ᠳᠠᠶ᠋ᠢᠰᠤᠨ ᠊ᠢ ᠲᠣᠨᠢᠯᠭᠠᠨ᠎ᠠ᠃

          ᠭᠠᠷᠬᠤ ᠤᠯᠠᠭᠠᠨ ᠨᠠᠷᠠ
          ᠭᠠᠯᠠᠪ ᠳᠡᠯᠡᠬᠡᠢ ᠶ᠋ᠢ ᠭᠡᠶ᠋ᠢᠭᠦᠯᠦᠨ᠎ᠡ᠂
          ᠭᠠᠳᠠ ᠮᠡᠶ᠋ᠢᠷᠡᠨ ᠪ ᠪᠣᠰᠤᠯᠬ᠋᠎ᠠ ᠶ᠋ᠢᠨ ᠴᠡᠷᠢᠭ ᠦ᠋ᠨ
          ᠭᠠᠩᠭᠠᠩ ᠲᠤᠭ ᠨᠠᠮᠢᠷᠠᠨ᠎ᠠ᠃
     
               ᠦᠰᠦᠭ ᠠᠮᠢᠯᠠᠭᠤᠯᠤᠭᠴᠢ᠄ ᠲᠤᠶᠠᠬ᠋᠎ᠠ
                      ᠬᠢᠨᠠᠭᠴᠢ᠄ ᠣᠤ‍ᠠᠬᠠᠨᠰᠣ᠎ᠠ