ᠠᠵᠤ ᠪᠣᠭᠳᠠ ᠶᠢᠨ ᠬᠠᠷᠠᠭᠤᠯ ᠦᠭᠡ ᠲᠡᠢ ᠮᠡᠵᠢᠭАж богдын харуул _ үгтэй _ Мөөжиг _ lyrics
ᠠᠵᠤ ᠪᠣᠭᠳᠠ ᠶᠢᠨ ᠬᠠᠷᠠᠭᠤᠯ
ᠳᠠᠭᠤᠴᠢᠨ ᠂ ᠮᠡᠵᠢᠭ
ᠠᠵᠠ ᠪᠣᠭᠳᠠ ᠶ᠋ᠢᠨ ᠬᠠᠷᠠᠭᠤᠯ ᠨᠢ ᠠ᠋ ᠬᠦ
ᠠᠮᠤᠭᠤᠯᠠᠩ ᠪᠣᠯᠤᠭᠠᠳ ᠲᠠᠢᠪᠤᠩ ᠳᠠ
ᠠᠯᠪᠠᠨ ᠳᠤ ᠮᠣᠷᠳᠠᠭᠰᠠᠨ ᠬᠦᠦ ᠲᠠᠢ ᠠᠪᠤ ᠮᠢᠨᠢ ᠳ᠋ᠠ ᠬᠦ
ᠠᠮᠤᠷ ᠪᠣᠯᠤᠭᠠᠳ ᠡᠰᠡᠨ ᠮᠡᠨᠳᠦ ᠳ᠋ᠠ
ᠠᠯᠪᠠᠨ ᠳᠤ ᠮᠣᠷᠳᠠᠭᠰᠠᠨ ᠬᠦᠦ ᠲᠠᠢ ᠠᠪᠤ ᠮᠢᠨᠢ ᠳ᠋ᠠ ᠬᠦ
ᠠᠮᠤᠷ ᠪᠣᠯᠤᠭᠠᠳ ᠡᠰᠡᠨ ᠮᠡᠨᠳᠦ ᠳ᠋ᠠ
ᠪᠠᠷᠠᠭᠤᠨ ᠴᠢᠬᠢ ᠮᠢᠨᠢ ᠬᠠᠩᠭᠢᠨᠠᠭᠠᠳ ᠪᠠᠢᠬᠤ ᠴᠢᠨᠢ ᠬᠦ
ᠪᠠᠭ᠎ᠠ ᠶ᠋ᠢᠨ ᠨᠠᠢᠵᠠ ᠮᠢᠨᠢ ᠳᠤᠷᠠᠰᠤᠭᠠ ᠶᠤᠮ ᠪᠣᠯᠪᠠ ᠤᠤ
ᠪᠠᠢᠰᠠ ᠨᠣᠶᠠᠨ ᠤ ᠪᠣᠱᠣᠭ ᠨᠢ ᠦᠭᠡᠢ ᠴᠤ᠌ ᠪᠣᠯᠣᠭᠠᠰᠠᠢ
ᠪᠤᠷᠭᠠᠰᠤᠳᠤ ᠭᠣᠣᠯ ᠳᠤ ᠪᠠᠨ ᠳᠠᠬᠢᠨ ᠣᠴᠢᠬᠤ ᠶᠤᠮᠰᠠᠨ
ᠪᠠᠢᠰᠠ ᠨᠣᠶᠠᠨ ᠦ ᠪᠣᠱᠣᠭ ᠨᠢ ᠦᠭᠡᠢ ᠴᠤ᠌ ᠪᠣᠯᠣᠭᠠᠰᠠᠢ
ᠪᠤᠷᠭᠠᠰᠤᠳᠤ ᠭᠣᠣᠯ ᠳᠤ ᠪᠠᠨ ᠳᠠᠬᠢᠨ ᠣᠴᠢᠬᠤ ᠶᠤᠮᠰᠠᠨ
ᠵᠡᠭᠦᠨ ᠴᠢᠬᠢ ᠮᠢᠨᠢ ᠬᠠᠩᠭᠢᠨᠠᠭᠠᠳ ᠪᠠᠢᠬᠤ ᠴᠢᠨᠢ ᠬᠥ᠋
ᠵᠢᠷᠦᠬᠡᠨ ᠦ ᠠᠮᠠᠷᠠᠭ ᠰᠠᠨᠠᠭ᠎ᠠ ᠶᠤᠮ ᠪᠣᠯᠪᠠ ᠤᠤ
ᠵᠠᠰᠠᠭ ᠨᠣᠶᠠᠨ ᠤ ᠳᠥᠩᠭᠡ ᠨᠢ ᠦᠭᠡᠢ ᠴᠤ᠌ ᠪᠣᠯᠣᠭᠠᠰᠠᠢ
ᠵᠠᠭᠤᠷ᠎ᠠ ᠴᠤ᠌ ᠪᠣᠯᠲᠤᠭᠠᠢ ᠬᠦᠦ ᠪᠡᠨ ᠬᠠᠷᠠᠠᠠᠣ ᠶᠤᠮᠰᠠᠨ
ᠵᠠᠰᠠᠭ ᠨᠣᠶᠠᠨ ᠤ ᠳᠥᠩᠭᠡ ᠨᠢ ᠦᠭᠡᠢ ᠴᠤ᠌ ᠪᠣᠯᠣᠭᠠᠰᠠᠢ
ᠵᠠᠭᠤᠷ᠎ᠠ ᠴᠤ᠌ ᠪᠣᠯᠲᠤᠭᠠᠢ ᠬᠦᠦ ᠪᠡᠨ ᠬᠠᠷᠠᠠᠠᠣ ᠶᠤᠮᠰᠠᠨ
ᠪᠥᠭᠡᠮ ᠪᠥᠭᠡᠮ ᠡᠭᠦᠯᠡ ᠨᠢ ᠠ᠋ ᠬᠦ᠋
ᠪᠣᠷᠣᠭᠠᠨ ᠣᠷᠣᠠᠠᠣ ᠶ᠋ᠢᠨ ᠰᠢᠨᠵᠢ ᠨᠢ ᠶᠦ᠍ᠮ ᠤᠤ ᠳ᠋ᠠ
ᠪᠠᠢᠨ ᠪᠠᠢᠨ ᠳᠡᠭᠡᠳᠦ ᠵᠣᠪᠬᠢ ᠮᠢᠨᠢ ᠲᠠᠲᠠᠯᠠᠭᠠᠳ ᠪᠠᠢᠬᠤ ᠴᠢᠨᠢ ᠬᠦ᠋
ᠪᠤᠴᠠᠵᠤ ᠬᠠᠷᠢᠬᠤ ᠶ᠋ᠢᠨ ᠰᠢᠨᠵᠢ ᠨᠢ ᠶᠦ᠍ᠮ ᠤᠤ ᠳ᠋ᠠ
ᠪᠠᠢᠨ ᠪᠠᠢᠨ ᠳᠡᠭᠡᠳᠦ ᠵᠣᠪᠬᠢ ᠮᠢᠨᠢ ᠲᠠᠲᠠᠯᠠᠭᠠᠳ ᠪᠠᠢᠬᠤ ᠴᠢᠨᠢ ᠬᠦ᠋
ᠪᠤᠴᠠᠵᠤ ᠬᠠᠷᠢᠬᠤ ᠶ᠋ᠢᠨ ᠰᠢᠨᠵᠢ ᠨᠢ ᠶᠦ᠍ᠮ ᠤᠤ ᠳ᠋ᠠ
ᠦᠰᠦᠭ ᠠᠮᠢᠯᠠᠭᠤᠯᠤᠭᠰᠠᠨ ᠨᠢ ᠄ ᠭᠠᠸᠠ
ᠦᠰᠦᠭ ᠬᠠᠲᠠᠭᠰᠠᠨ ᠨᠢ ᠄ ᠭᠠᠸᠠ
ᠦᠰᠦᠭ ᠬᠢᠨᠠᠭᠴᠢ ᠄ ᠭᠠᠷᠮ᠎ᠠ
