ᠪᠢ ᠠᠮᠢᠳᠤᠷᠠᠬᠤ ᠳᠤᠷᠠᠲᠠᠢ- ᠭ· ᠳᠠᠸᠠᠳᠠᠯᠠᠢБи амьдарах дуртай-г· даваадалай
ᠪᠢ ᠠᠮᠢᠳᠤᠷᠠᠬᠤ ᠳᠤᠷᠠᠲᠠᠢ
ᠦᠭᠡ᠄ ᠣ· ᠪᠠᠲᠤᠪᠤᠯᠤᠳ
ᠠᠶ᠎ᠠ᠄ ᠷ· ᠡᠷᠠᠪᠤᠯᠤᠳ
ᠭ· ᠳᠠᠸᠠᠳᠠᠯᠠᠢ ᠳᠠᠭᠤᠯᠠᠨ᠎ᠠ
ᠪᠢ ᠰᠡᠳᠬᠢᠯ ᠡᠴᠡ ᠪᠡᠨ ᠳᠠᠭᠤᠯᠠᠬᠤ ᠳᠤᠷᠠᠲᠠᠢ
ᠳᠠᠭᠤᠨ ᠳ᠋ᠤ᠌ ᠪᠠᠨ ᠤᠶᠠᠷᠠᠭᠠᠳ ᠬᠥᠪᠬᠦ ᠳᠤᠷᠠᠲᠠᠢ
ᠪᠤᠰᠤᠳ ᠤ᠋ᠨ ᠢ᠋ᠶ᠋ᠠᠨ ᠬᠠᠷᠠᠴᠠᠨ ᠳ᠋ᠤ᠌ ᠭᠡᠷᠡᠯ ᠨᠡᠮᠡᠭᠡᠳ
ᠳᠦᠭᠦᠷᠡᠩ ᠵᠢᠷᠭᠠᠯᠲᠠᠢ ᠠᠯᠬᠤᠬᠤ ᠳᠤᠷᠠᠲᠠᠢ
ᠶᠠᠭ ᠯᠠ ᠪᠣᠷᠣᠭᠠᠨ ᠤ᠋ ᠳᠠᠷᠠᠭ᠎ᠠ
ᠰᠣᠯᠣᠩᠭ᠎ᠠ ᠲᠠᠲᠠᠳᠠᠭ ᠰᠢᠭ᠋
ᠶᠠᠭ ᠯᠠ ᠥᠷᠯᠥᠭᠡᠨ ᠤ ᠨᠠᠷᠠᠨ ᠳ᠋ᠤ᠌
ᠴᠡᠴᠡᠭᠡᠰ ᠳᠡᠯᠭᠡᠷᠡᠳᠡᠭ ᠰᠢᠭ
ᠶᠠᠭ ᠯᠠ ᠴᠠᠰᠤ ᠬᠠᠶᠠᠯᠠᠭᠰᠠᠨ ᠤ᠋ ᠳᠠᠷᠠᠭ᠎ᠠ
ᠣᠷᠴᠢᠯᠠᠩ ᠭᠢᠯᠲᠠᠭᠠᠨᠠᠳᠠᠭ ᠰᠢᠭ᠋
ᠶᠠᠭ ᠯᠠ ᠴᠢᠨᠦ ᠪᠠᠰᠠ ᠮᠢᠨᠦ ᠢᠨᠢᠶᠡᠳᠦ ᠰᠢᠭ
ᠪᠢ ᠠᠮᠢᠳᠤᠷᠠᠬᠤ ᠳᠤᠷᠠᠲᠠᠢ
ᠪᠢ ᠵᠢᠷᠦᠬᠡᠨ ᠡᠴᠡ ᠪᠡᠨ ᠳᠤᠷᠠᠯᠠᠬᠤ ᠳᠤᠷᠠᠲᠠᠢ
ᠳᠤᠷᠠᠯᠠᠯ ᠳ᠋ᠠᠭᠠᠨ ᠵᠢᠭᠦᠷᠯᠡᠭᠡᠳ ᠳᠡᠭᠦᠯᠢᠬᠦ ᠳᠤᠷᠠᠲᠠᠢ
ᠣᠯᠠᠨ ᠤ᠋ ᠪᠠᠨ ᠰᠡᠳᠬᠢᠯ ᠳ᠋ᠦ᠍ ᠭᠡᠭᠡ ᠨᠡᠮᠡᠭᠡᠳ
ᠣᠯᠳᠠᠭᠰᠠᠨ ᠪᠦᠬᠦᠨ ᠢ᠋ᠶ᠋ᠡᠨ ᠬᠤᠪᠢᠶᠠᠬᠤ ᠳᠤᠷᠠᠲᠠᠢ
ᠶᠠᠭ ᠯᠠ ᠪᠣᠷᠣᠭᠠᠨ ᠤ᠋ ᠳᠠᠷᠠᠭ᠎ᠠ
ᠰᠣᠯᠣᠩᠭ᠎ᠠ ᠲᠠᠲᠠᠳᠠᠭ ᠰᠢᠭ᠋
ᠶᠠᠭ ᠯᠠ ᠥᠷᠯᠥᠭᠡᠨ ᠤ᠋ ᠨᠠᠷᠠᠨ ᠳ᠋ᠤ᠌
ᠴᠡᠴᠡᠭᠡᠰ ᠳᠡᠯᠭᠡᠷᠡᠳᠡᠭ ᠰᠢᠭ
ᠶᠠᠭ ᠯᠠ ᠴᠠᠰᠤ ᠬᠠᠶᠠᠯᠠᠭᠰᠠᠨ ᠤ᠋ ᠳᠠᠷᠠᠭ᠎ᠠ
ᠣᠷᠴᠢᠯᠠᠩ ᠭᠢᠯᠲᠠᠭᠠᠨᠠᠳᠠᠭ ᠰᠢᠭ᠋
ᠶᠠᠭ ᠯᠠ ᠴᠢᠨᠦ ᠪᠠᠰᠠ ᠮᠢᠨᠦ ᠢᠨᠢᠶᠡᠳᠦ ᠰᠢᠭ
ᠪᠢ ᠠᠮᠢᠳᠤᠷᠠᠬᠤ ᠳᠤᠷᠠᠲᠠᠢ
ᠪᠢ ᠥᠪᠡᠷ ᠦ᠋ᠨ ᠬᠢ ᠪᠡᠷ ᠢ᠋ᠶ᠋ᠡᠨ ᠬᠠᠢᠷᠠᠯᠠᠬᠤ ᠳᠤᠷᠠᠲᠠᠢ
ᠬᠠᠢᠷᠠᠨ ᠳ᠋ᠤ᠌ ᠪᠠᠨ ᠤᠮᠪᠠᠭᠠᠳ ᠵᠢᠷᠭᠠᠬᠤ ᠳᠤᠷᠠᠲᠠᠢ
ᠲᠦᠮᠡᠨ ᠤ᠋ ᠪᠠᠨ ᠢᠲᠡᠭᠡᠯ ᠨᠡᠮᠡᠭᠡᠳ
ᠲᠦᠪᠰᠢᠨ ᠵᠢᠷᠭᠠᠯᠲᠠᠢ ᠶᠠᠪᠤᠬᠤ ᠳᠤᠷᠠᠲᠠᠢ
ᠶᠠᠭ ᠯᠠ ᠪᠣᠷᠣᠭᠠᠨ ᠤ᠋ ᠳᠠᠷᠠᠭ᠎ᠠ
ᠰᠣᠯᠣᠩᠭ᠎ᠠ ᠲᠠᠲᠠᠳᠠᠭ ᠰᠢᠭ᠋
ᠶᠠᠭ ᠯᠠ ᠥᠷᠯᠥᠭᠡᠨ ᠦ᠌ ᠨᠠᠷᠠᠨ ᠳ᠋ᠤ᠌
ᠴᠡᠴᠡᠭᠡᠰ ᠳᠡᠯᠭᠡᠷᠡᠳᠡᠭ ᠰᠢᠭ
ᠶᠠᠭ ᠯᠠ ᠴᠠᠰᠤ ᠬᠠᠶᠠᠯᠠᠭᠰᠠᠨ ᠤ᠋ ᠳᠠᠷᠠᠭ᠎ᠠ
ᠣᠷᠴᠢᠯᠠᠩ ᠭᠢᠯᠲᠠᠭᠠᠨᠠᠳᠠᠭ ᠰᠢᠭ᠋
ᠶᠠᠭ ᠯᠠ ᠴᠢᠨᠦ ᠪᠠᠰᠠ ᠮᠢᠨᠦ ᠢᠨᠢᠶᠡᠳᠦ ᠰᠢᠭ
ᠪᠢ ᠠᠮᠢᠳᠤᠷᠠᠬᠤ ᠳᠤᠷᠠᠲᠠᠢ
ᠦᠰᠦᠭ ᠠᠮᠢᠯᠠᠭᠤᠯᠤᠭᠰᠠᠨ᠄ ᠪᠦᠷᠢᠨᠵᠢᠷᠭᠠᠯ
ᠦᠰᠦᠭ ᠬᠠᠲᠠᠭᠰᠠᠨ ᠨᠢ᠄ ᠴ· ᠡᠷᠬᠢᠮᠪᠢᠯᠢᠭ
ᠬᠢᠨᠠᠭᠴᠢ ᠪᠠᠭᠰᠢ᠄ ᠣᠤᠠᠬᠣᠩᠬᠤᠸᠠᠷ
