ᠬᠤᠷᠤᠢ-ᠰ ∙ ᠵᠢᠪᠬᠤᠯᠠᠩХурай-С.Жавхлан _МУГЖ_ Hurai - S.Javhlan
ᠬᠤᠷᠤᠢ
ᠦᠭᠡ᠄ ᠪᠠ᠊· ᠪᠠᠰᠠᠩᠪᠠᠳᠮᠡ
ᠠᠶ᠎ᠠ᠄ ᠲᠡ᠊· ᠲᠥᠷᠦᠪᠤᠯᠤᠳ
ᠮᠣᠩᠭᠣᠯ ᠤᠯᠤᠰ ᠤ᠋ᠨ ᠭᠠᠪᠢᠶᠠᠲᠤ ᠵᠦᠴᠦᠭᠡᠴᠢᠨ᠄ ᠰ· ᠵᠢᠪᠬᠤᠯᠠᠩ
ᠠᠮᠢᠨ ᠦᠷᠡᠰ ᠦ᠋ᠨ ᠢᠨᠢᠶᠡᠳᠦ ᠴᠠᠩᠭᠢᠨᠠᠭ ᠬᠤᠷᠤᠢ
ᠠᠴᠢᠲᠤ ᠪᠤᠭᠤᠷᠤᠯ ᠤ᠋ᠨ ᠢᠷᠦᠭᠡᠯ ᠲᠣᠭᠲᠠᠭ ᠬᠤᠷᠤᠢ
ᠠᠰᠠᠷᠠᠯᠲᠤ ᠡᠵᠢ ᠶ᠋ᠢᠨ ᠵᠠᠯᠪᠠᠷᠢᠯ ᠬᠥᠷᠥᠭ ᠬᠤᠷᠤᠢ
ᠠᠪᠤ ᠶ᠋ᠢᠨ ᠪᠣᠳᠣᠯ ᠪᠡᠶᠡᠯᠡᠯ ᠢ᠋ᠶ᠋ᠡᠨ ᠣᠯᠤᠭ ᠬᠤᠷᠤᠢ
ᠠᠭᠤᠯᠠ ᠤᠰᠤᠨ ᠤ᠋ ᠡᠵᠡᠳ ᠥᠷᠥᠰᠢᠶᠡᠭᠡᠭ ᠬᠤᠷᠤᠢ
ᠤᠷᠭᠤᠬᠤ ᠨᠠᠷᠠᠨ ᠤ᠋ ᠰᠠᠴᠤᠷᠠᠭ ᠢᠪᠡᠭᠡᠭ ᠬᠤᠷᠤᠢ
ᠠᠭᠤᠳᠠᠮ ᠣᠷᠴᠢᠯᠠᠩ ᠳ᠋ᠤ᠌ ᠠᠮᠤᠭᠤᠯᠠᠩ ᠣᠷᠣᠰᠢᠭ ᠬᠤᠷᠤᠢ
ᠤᠷᠲᠤ ᠶ᠋ᠢᠨ ᠳᠠᠭᠤᠨ ᠤ᠋ ᠠᠢᠵᠠᠮ ᠲᠦᠭᠡᠭ ᠬᠤᠷᠤᠢ
ᠲᠤᠯᠭᠠᠲᠠᠨ ᠤ᠋ ᠭᠠᠯ ᠪᠤᠤ ᠪᠥᠬᠥᠭ ᠬᠤᠷᠤᠢ
ᠲᠤᠭᠤᠷᠠᠲᠤ ᠶ᠋ᠢᠨ ᠲᠦᠪᠡᠷᠭᠡᠨ ᠦᠯᠦ ᠲᠠᠰᠤᠷᠠᠭ ᠬᠤᠷᠤᠢ
ᠲᠡᠭᠷᠢ ᠶ᠋ᠢᠨ ᠲᠠᠮᠠᠭ᠎ᠠ ᠪᠤᠤ ᠠᠷᠢᠯᠤᠭ ᠬᠤᠷᠤᠢ
ᠲᠥᠷᠥ ᠤᠯᠤᠰ ᠮᠢᠨᠢ ᠲᠦᠪᠰᠢᠨ ᠪᠠᠢᠭ ᠬᠤᠷᠤᠢ
ᠪᠣᠰᠤᠭ᠎ᠠ ᠪᠢᠴᠢᠭ ᠪᠤᠤ ᠬᠡᠪᠲᠡᠭ ᠬᠤᠷᠤᠢ
ᠪᠤᠭᠤᠷᠤᠯ ᠲᠡᠦᠬᠡ ᠪᠡᠨ ᠵᠠᠯᠠᠭᠤᠰ ᠡᠷᠭᠦᠭ ᠬᠤᠷᠤᠢ
ᠬᠠᠭᠠᠳ ᠤ᠋ᠨ ᠵᠠᠷᠯᠢᠭ ᠪᠤᠤ ᠰᠠᠷᠨᠢᠭ ᠬᠤᠷᠤᠢ
ᠬᠠᠲᠠᠭᠤ ᠦᠨᠡᠨ ᠲᠠᠰᠢᠭᠤᠷ ᠪᠣᠯᠤᠭ ᠬᠤᠷᠤᠢ᠃
ᠲᠤᠯᠭᠠᠳᠠᠡ ᠶ᠋ᠢᠨ ᠭᠠᠯ ᠪᠤᠤ ᠪᠥᠬᠥᠭ ᠬᠤᠷᠤᠢ
ᠲᠤᠭᠤᠷᠠᠲᠤ ᠶ᠋ᠢᠨ ᠲᠦᠪᠡᠷᠭᠡᠨ ᠦᠯᠦ ᠲᠠᠰᠤᠷᠠᠭ ᠬᠤᠷᠤᠢ
ᠲᠡᠭᠷᠢ ᠶ᠋ᠢᠨ ᠲᠠᠮᠠᠭ᠎ᠠ ᠪᠤᠤ ᠠᠷᠢᠯᠤᠭ ᠬᠤᠷᠤᠢ
ᠲᠥᠷᠥ ᠤᠯᠤᠰ ᠮᠢᠨᠢ ᠲᠦᠪᠰᠢᠨ ᠪᠠᠢᠭ ᠬᠤᠷᠤᠢ
ᠲᠤᠯᠭᠠᠳᠠᠡ ᠶ᠋ᠢᠨ ᠭᠠᠯ ᠪᠤᠤ ᠪᠥᠬᠥᠭ ᠬᠤᠷᠤᠢ
ᠲᠤᠭᠤᠷᠠᠲᠤ ᠶ᠋ᠢᠨ ᠲᠦᠪᠡᠷᠭᠡᠨ ᠦᠯᠦ ᠲᠠᠰᠤᠷᠠᠭ ᠬᠤᠷᠤᠢ
ᠲᠡᠭᠷᠢ ᠶ᠋ᠢᠨ ᠲᠠᠮᠠᠭ᠎ᠠ ᠪᠤᠤ ᠠᠷᠢᠯᠤᠭ ᠬᠤᠷᠤᠢ
ᠲᠥᠷᠥ ᠤᠯᠤᠰ ᠮᠢᠨᠢ ᠲᠦᠪᠰᠢᠨ ᠪᠠᠢᠭ ᠬᠤᠷᠤᠢ
ᠬᠠᠭᠠᠳ ᠤ᠋ᠨ ᠵᠠᠷᠯᠢᠭ ᠪᠤᠤ ᠰᠠᠷᠨᠢᠭ ᠬᠤᠷᠤᠢ
ᠬᠠᠲᠠᠭᠤ ᠦᠨᠡᠨ ᠲᠠᠰᠢᠭᠤᠷ ᠪᠣᠯᠤᠭ ᠬᠤᠷᠤᠢ
ᠬᠤᠷᠤᠢ ᠬᠤᠷᠤᠢ
ᠦᠰᠦᠭ ᠠᠮᠢᠯᠠᠭᠤᠯᠤᠭᠰᠠᠨ ᠨᠢ᠄ ᠲᠦ· ᠲᠦᠮᠡᠨᠴᠡᠴᠡᠭ
ᠦᠰᠦᠭ ᠬᠠᠲᠠᠭᠰᠠᠨ ᠨᠢ᠄ ᠰᠠ᠊· ᠲᠦᠮᠡᠨᠴᠡᠴᠡᠭ
