ᠥᠨᠳᠥᠷᠯᠢᠭ ᠦ᠋ᠨ ᠳᠣᠮᠣᠭ ᠮᠢᠨᠦ ᠨᠤᠲᠤᠭ- ᠳᠤᠯᠭᠠᠷᠮ᠎ᠠӨндөрлөгийн домог миний нутаг-тулгармаа
ᠥᠨᠳᠥᠷᠯᠢᠭ ᠦ᠋ᠨ ᠳᠣᠮᠣᠭ ᠮᠢᠨᠦ ᠨᠤᠲᠤᠭ
ᠳᠤᠯᠭᠠᠷᠮ᠎ᠠ
ᠬᠦᠪᠦᠷᠢᠭᠰᠡᠨ ᠵᠡᠷᠭᠡᠯᠭᠡᠨ ᠳ᠋ᠦ᠍ ᠲᠣᠳᠣᠷᠠᠨ ᠪᠠᠢᠳᠠᠭ ᠮᠢᠨᠦ ᠨᠤᠲᠤᠭ ᠤ᠋ᠨ ᠪᠠᠷ᠎ᠠ
ᠬᠥᠮᠦᠨ ᠦ᠌ ᠰᠡᠳᠬᠢᠯ ᠳ᠋ᠦ᠍ ᠳᠤᠯᠠᠭᠠᠨ ᠪᠠᠢᠳᠠᠭ ᠮᠢᠨᠦ ᠨᠤᠲᠤᠭ ᠤ᠋ᠨ ᠬᠠᠢᠷ᠎ᠠ
ᠬᠦᠴᠦᠲᠦ ᠪᠥᠬᠡ᠂ ᠬᠤᠷᠳᠤᠨ ᠮᠣᠷᠢᠨ ᠤ᠋ ᠲᠡᠭᠥᠯᠢᠭᠡᠨ ᠲᠡᠢ ᠮᠢᠨᠦ ᠨᠤᠲᠤᠭ ᠤ᠋ᠨ ᠣᠮᠣᠭ
ᠬᠥᠷᠥᠰᠥᠲᠦ ᠳᠡᠯᠡᠬᠡᠢ ᠳ᠋ᠦ᠍ ᠠᠯᠳᠠᠷ ᠢ᠋ᠶ᠋ᠠᠨ ᠳᠠᠭᠤᠷᠢᠰᠤᠭᠤᠯᠤᠭᠰᠠᠨ ᠮᠢᠨᠦ ᠨᠤᠲᠤᠭ ᠤ᠋ᠨ ᠳᠣᠮᠣᠭ
ᠲᠣᠭᠣᠨᠣ ᠪᠠᠷ ᠲᠤᠰᠤᠭᠰᠠᠨ ᠨᠠᠷᠠᠨ ᠳ᠋ᠤᠨᠢ ᠡᠭᠡᠭᠡᠵᠦ
ᠲᠣᠰᠣ ᠲᠠᠢ ᠠᠷᠠᠰᠤᠨ ᠥᠯᠥᠭᠡᠢ ᠲᠡᠢ ᠪᠢ ᠪᠣᠢᠵᠢᠭᠰᠠᠨ ᠶᠤᠮ ᠡᠨᠡ ᠨᠤᠲᠤᠭ ᠲᠤ᠌
ᠲᠣᠭᠣᠭ᠎ᠠ ᠲᠠᠢ ᠰᠦ ᠶ᠋ᠢᠨ ᠦᠨᠦᠷ ᠲᠤᠨᠢ ᠪᠡᠶᠡᠰᠴᠦ
ᠲᠣᠬᠣᠢ ᠴᠢᠨᠡᠭᠡᠨ ᠡᠴᠡ ᠪᠡᠨ ᠲᠣᠷᠨᠢᠵᠤ ᠥᠰᠦᠭᠰᠡᠨ ᠶᠦ᠍ᠮ
ᠡᠨᠡ ᠨᠤᠲᠤᠭ ᠲᠤ᠌ ᠬᠥᠮᠦᠨ ᠪᠣᠯᠬᠤ ᠳ᠋ᠤ᠌ ᠠᠪᠤ ᠶ᠋ᠢᠨ ᠭᠤᠷᠪᠠᠨ ᠵᠠᠬᠢᠶ᠎ᠠ ᠲᠠᠢ ᠪᠠᠢᠳᠠᠭ
ᠡᠨᠡ ᠨᠤᠲᠤᠭ ᠲᠤ᠌ ᠡᠷ᠎ᠡ ᠪᠣᠯᠬᠤ ᠳ᠋ᠤ᠌ ᠡᠷᠳᠡᠮ ᠦ᠋ᠨ ᠭᠤᠷᠪᠠᠨ ᠳᠠᠪᠠᠭ᠎ᠠ ᠲᠠᠢ ᠪᠠᠢᠳᠠᠭ
ᠡᠨᠡ ᠨᠤᠲᠤᠭ ᠤ᠋ᠨ ᠰᠤᠷᠭᠠᠯ ᠭᠡᠵᠦ ᠰᠡᠴᠡᠨ ᠭᠤᠷᠪᠠᠨ ᠵᠦᠢᠷ ᠲᠡᠢ ᠪᠠᠢᠳᠠᠭ
ᠡᠨᠡ ᠨᠤᠲᠤᠭ ᠤ᠋ᠨ ᠤᠭᠲᠤᠯᠭ᠎ᠠ ᠭᠡᠵᠦ ᠰᠥᠩ ᠦ᠋ᠨ ᠭᠤᠷᠪᠠᠨ ᠬᠤᠨᠳᠠᠭ᠎ᠠ ᠲᠠᠢ ᠪᠠᠢᠳᠠᠭ
ᠡᠨᠡ ᠨᠤᠲᠤᠭ ᠤ᠋ᠨ ᠬᠦᠨᠳᠦᠳᠬᠡᠯ ᠭᠡᠵᠦ ᠳᠡᠭᠡᠳᠦᠰ ᠲᠡᠭᠡᠨ ᠭᠤᠷᠪᠠ ᠰᠥᠬᠥᠷᠡᠳᠡᠭ
ᠡᠨᠡ ᠨᠤᠲᠤᠭ ᠤ᠋ᠨ ᠢ᠋ᠶ᠋ᠠᠨ ᠡᠵᠡᠨ ᠣᠪᠣᠭᠠᠨ ᠳ᠋ᠠᠭᠠᠨ ᠰᠥᠭᠥᠳᠴᠦ ᠭᠤᠷᠪᠠ ᠳᠠᠭᠠᠳᠬᠠᠳᠠᠭ
ᠡᠨᠡ ᠨᠤᠲᠤᠭ ᠤ᠋ᠨ ᠠᠷᠢᠭᠤᠳᠬᠠᠯ ᠭᠡᠵᠦ ᠠᠷᠴᠠ ᠪᠠᠨ ᠭᠤᠷᠪᠠ ᠡᠷᠭᠢᠭᠦᠯᠳᠡᠭ
ᠡᠨᠡ ᠨᠤᠲᠤᠭ ᠤ᠋ᠨ ᠤᠷᠤᠯᠳᠤᠭᠠᠨ ᠪᠣᠯᠭᠠᠨ ᠭᠠᠯ ᠢ᠋ᠶ᠋ᠠᠨ ᠭᠤᠷᠪᠠ ᠡᠷᠭᠢᠳᠡᠭ
ᠡᠨᠡ ᠨᠤᠲᠤᠭ ᠤ᠋ᠨ ᠨᠠᠭᠠᠳᠤᠮ ᠭᠡᠵᠦ ᠡᠷ᠎ᠡ ᠶ᠋ᠢᠨ ᠭᠤᠷᠪᠠᠨ ᠰᠣᠷᠢᠶ᠎ᠠ ᠲᠠᠢ ᠪᠠᠢᠳᠠᠭ
ᠡᠨᠡ ᠨᠤᠲᠤᠭ ᠤ᠋ᠨ ᠬᠥᠭᠵᠢᠶᠡᠨ ᠭᠡᠵᠦ ᠨᠠᠢᠷ ᠤ᠋ᠨ ᠭᠤᠷᠪᠠᠨ ᠳᠠᠭᠤᠤ ᠲᠠᠢ ᠡᠬᠢᠯᠡᠳᠡᠭ
ᠡᠨᠡ ᠨᠤᠲᠤᠭ ᠤ᠋ᠨ ᠮᠡᠨᠳᠦᠴᠢᠯᠡᠯ ᠭᠡᠵᠦ ᠰᠠᠢᠨ ᠤ᠋ ᠭᠤᠷᠪᠠᠨ ᠢᠷᠦᠭᠡᠯ ᠲᠡᠢ ᠪᠠᠢᠳᠠᠭ
ᠡᠨᠡ ᠨᠤᠲᠤᠭ ᠤ᠋ᠨ ᠬᠥᠭᠵᠢᠯ ᠭᠡᠵᠦ ᠥᠨᠳᠥᠷᠯᠢᠭ ᠲᠦ᠍ ᠭᠤᠷᠪᠠᠨ ᠳᠣᠮᠣᠭ ᠲᠠᠢ ᠪᠠᠢᠳᠠᠭ ᠠ᠋!
ᠦᠰᠦᠭ ᠠᠮᠢᠯᠠᠭᠤᠯᠤᠭᠴᠢ᠄ ᠣᠳᠬᠠᠨᠴᠡᠴᠡᠭ
ᠬᠢᠨᠠᠭᠴᠢ ᠪᠠᠭᠰᠢ᠄ ᠰᠡᠬᠡᠭᠡᠷᠡᠯ
ᠬᠢᠨᠠᠯᠲᠠ ᠶᠢᠨ ᠰᠢᠰᠲ᠋ᠧᠮ ᠢᠶᠠᠷ ᠵᠠᠰᠠᠯᠲᠠ ᠬᠢᠭᠰᠡᠨ ᠨᠢ᠄ ᠣᠳᠬᠠᠨᠰᠣ᠎ᠠ
