ᠬᠤᠪᠢ ᠪᠠᠨ ᠬᠢᠴᠢᠶᠡᠭᠴᠢ – ᠳᠣᠵᠣᠭᠣᠳᠣᠷᠵᠢ Хувиа хичээгч – Тозгодорж ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠪᠢ ᠪᠠᠨ ᠬᠢᠴᠢᠶᠡᠭᠴᠢ – ᠳᠣᠵᠣᠭᠣᠳᠣᠷᠵᠢ Хувиа хичээгч – Тозгодорж

ᠬᠤᠪᠢ ᠪᠠᠨ ᠬᠢᠴᠢᠶᠡᠭᠴᠢ – ᠳᠣᠵᠣᠭᠣᠳᠣᠷᠵᠢ Хувиа хичээгч – Тозгодорж

ᠠᠩᠭᠢᠯᠠᠯ:ᠬᠣᠱᠣᠩ ᠱᠣᠭ
2023-09-26

284

ᠬᠤᠪᠢ ᠪᠠᠨ ᠬᠢᠴᠢᠶᠡᠭᠴᠢ


                                   ( ᠬᠣᠱᠣᠩ ᠥᠭᠦᠯᠡᠯᠭᠡ )

       ᠦᠢᠯᠡᠳᠪᠦᠷᠢ ᠶ᠋ᠢᠨ ᠮᠧᠬᠠᠨᠢᠭᠴᠢ ᠴᠡᠮᠪᠡ ᠬᠠᠭᠠᠰ ᠵᠢᠯ ᠦ᠋ᠨ ᠲᠠᠢᠯᠤᠨ ᠤ᠋ ᠬᠤᠷᠠᠯ ᠳᠡᠭᠡᠷ᠎ᠡ 《 ᠡᠪᠳᠡᠷᠡᠭᠰᠡᠨ ᠬᠡᠮᠬᠡᠷᠡᠭᠰᠡᠨ ᠨᠡᠷᠡᠲᠡᠢ ᠣᠯᠠᠨ ᠶᠠᠩᠵᠤ ᠶ᠋ᠢᠨ  ᠰᠠᠦᠷᠢ ᠮᠠᠰᠢᠨ ᠭᠠᠳᠠᠭ᠎ᠠ ᠬᠠᠰᠢᠶᠠᠨ ᠤ᠋ ᠪᠤᠯᠤᠩ ᠳ᠋ᠤ᠌ ᠬᠣᠭ ᠨᠣᠪᠰᠢ ᠪᠣᠯᠤᠨ ᠬᠡᠪᠲᠡᠭᠰᠡᠭᠡᠷ ᠪᠠᠢᠨ᠎ᠠ ᠃ ᠮᠠᠨ ᠤ᠋ ᠭᠤᠮᠪᠤᠳᠤᠷᠵᠢ ᠳᠠᠷᠤᠭ᠎ᠠ ᠠ᠋ᠴᠠ ᠥᠭᠰᠥᠭᠦᠯᠦᠭᠡᠳ ᠤᠯᠤᠰ ᠤ᠋ᠨ ᠡᠨᠡ ᠶᠡᠬᠡ ᠬᠥᠷᠥᠩᠭᠡ ᠶ᠋ᠢ ᠥᠪᠡᠷ ᠦ᠋ᠨ ᠶᠠᠭᠤᠮ᠎ᠠ ᠰᠢᠭ᠋ ᠥᠭᠡᠳᠡ ᠨᠢ ᠲᠠᠲᠠᠭᠠᠳ ᠠᠪᠴᠢᠬᠤ ᠰᠠᠨᠠᠭ᠎ᠠ ᠠᠯᠠᠭ᠎ᠠ᠂ ᠰᠣᠼᠢᠶᠠᠯᠢᠰᠲ ᠥᠮᠴᠢ ᠬᠥᠷᠥᠩᠭᠡ ᠳ᠋ᠦ᠍ ᠡᠨᠡ ᠮᠡᠲᠦ ᠬᠦᠢᠲᠡᠨ ᠰᠡᠳᠬᠢᠯ ᠢ᠋ᠶ᠋ᠡᠷ ᠬᠠᠨᠳᠤᠬᠤ ᠥᠩᠭᠡ ᠲᠡᠢ ᠥᠭᠡᠳᠡ ᠲᠡᠢ ᠡᠴᠡ ᠨᠢ ᠬᠤᠪᠢ ᠳ᠋ᠠᠭᠠᠨ ᠠᠰᠢᠭᠯᠠᠬᠤ ᠶᠠᠪᠤᠳᠠᠯ ᠮᠠᠨ ᠤ᠋ ᠳ᠋ᠤ᠌ ᠶᠡᠷᠦ ᠶ᠋ᠢᠨ ᠦᠵᠡᠭᠳᠡᠯ ᠪᠣᠯᠵᠠᠢ 》᠁ ᠡᠨᠡ ᠲᠡᠷᠡ ᠭᠡᠳ ᠦᠢᠯᠡᠳᠪᠦᠷᠢ ᠶ᠋ᠢᠨ ᠬᠡᠮᠵᠢᠶᠡᠨ ᠳᠡᠭᠡᠷ᠎ᠡ ᠣᠷᠣᠰᠢᠵᠤ ᠪᠠᠢᠭ᠎ᠠ ᠳᠤᠲᠠᠭᠳᠠᠯ ᠢ᠋ ᠭᠤᠮᠪᠤᠳᠤᠷᠵᠢ ᠳᠠᠷᠤᠭ᠎ᠠ ᠶ᠋ᠢᠨ ᠠᠵᠢᠯ ᠤ᠋ᠨ ᠬᠠᠷᠢᠭᠤᠴᠠᠯᠭ᠎ᠠ ᠲᠠᠢ ᠬᠣᠯᠪᠤᠰᠬᠢᠭᠡᠳ ᠠᠮᠠ ᠬᠠᠯᠠᠭᠰᠠᠨ ᠢ᠋ ᠬᠡᠯᠡᠬᠦ ᠤᠤ ᠰᠢᠭᠦᠮᠵᠢᠯᠡᠵᠦ ᠭᠠᠷᠤᠯ᠎ᠠ᠃ ᠶᠠᠭ ᠡᠨᠡ ᠦᠶ᠎ᠡ ᠳ᠋ᠦ᠍ ᠬᠤᠷᠠᠯ ᠤ᠋ᠨ ᠲᠡᠷᠢᠭᠦᠯᠡᠭᠴᠢᠳ ᠦ᠋ᠨ ᠰᠢᠷᠡᠭᠡᠨ ᠦ᠌ ᠵᠦᠭ ᠡᠴᠡ ᠨᠢᠭᠡ ᠬᠥᠮᠦᠨ ᠴᠢᠩᠭ᠎ᠠ ᠪᠠᠷ ᠬᠣᠭᠣᠯᠠᠢ ᠪᠠᠨ ᠵᠠᠰᠠᠬᠤ ᠰᠢᠭ᠋ ᠪᠣᠯᠪᠠ᠃ 
       ᠲᠡᠭᠡᠲᠡᠯ᠎ᠡ ᠲᠡᠷᠡ ᠨᠢ ᠭᠤᠮᠪᠤᠳᠤᠷᠵᠢ ᠳᠠᠷᠤᠭ᠎ᠠ ᠪᠠᠢᠯ᠎ᠠ ᠃ ᠴᠡᠮᠪᠡ ᠡᠭᠦᠨ ᠡᠴᠡ ᠰᠠᠨᠠᠭ᠎ᠠ ᠠᠪᠴᠤ ᠰᠢᠭᠦᠮᠵᠢᠯᠡᠯ ᠦ᠋ᠨ ᠢ᠋ᠶ᠋ᠡᠨ ᠰᠢᠭᠤᠷᠭᠠᠨ ᠭᠠᠯ ᠢ ᠠᠭᠠᠵᠢᠮ ᠠᠭᠠᠵᠢᠮ ᠢ᠋ᠶ᠋ᠠᠷ ᠵᠥᠭᠡᠯᠡᠷᠡᠭᠦᠯᠬᠦ ᠶ᠋ᠢᠨ ᠵᠡᠷᠭᠡᠴᠡᠭᠡ ᠪᠡᠷ ᠭᠤᠮᠪᠤᠳᠤᠷᠵᠢ ᠳᠠᠷᠤᠭ᠎ᠠ ᠶ᠋ᠢ ᠨᠢᠳᠦᠨ ᠦ᠌ ᠪᠡᠨ ᠪᠤᠯᠤᠩ ᠢ᠋ᠶ᠋ᠠᠷ ᠰᠡᠮᠬᠡᠨ ᠠᠵᠢᠪᠠᠯ ᠤᠨᠵᠢᠭᠠᠷ ᠤᠷᠲᠤ ᠰᠢᠷ᠎ᠠ ᠬᠠᠮᠠᠷ ᠨᠢ ᠰᠢᠵᠠᠮ᠎ᠠ ᠬᠠᠯᠠᠭᠤᠨ ᠤᠰᠤ ᠪᠠᠷ ᠮᠥᠯᠴᠢᠢᠲᠡᠯ᠎ᠡ ᠤᠬᠢᠶᠠᠭᠰᠠᠨ ᠯᠤᠤᠪᠠᠩ ᠰᠢᠭ᠋ ᠴᠠᠰ ᠤᠯᠠᠭᠠᠨ ᠪᠣᠯᠴᠢᠬᠠᠭᠠᠳ ᠴᠠᠭᠠᠨ᠎ᠠ ᠪᠠᠨ ᠨᠢᠭᠡ ᠶᠣᠣᠵᠠ ᠮᠠᠭᠤᠲᠠᠢ ᠬᠠᠷᠠᠭᠳᠠᠵᠤ ᠪᠠᠢᠪᠠ᠃ 
       ᠮᠧᠬᠠᠨᠢᠭᠴᠢ ᠴᠡᠮᠪᠡ ᠲᠡᠷᠡ ᠨᠢᠭᠡ ᠭᠠᠢ ᠲᠠᠢ ᠲᠠᠢᠯᠤᠨ ᠤ᠋ ᠬᠤᠷᠠᠯ ᠠ᠋ᠴᠠ ᠬᠣᠢᠰᠢ ᠳᠠᠷᠤᠭ᠎ᠠ ᠲᠠᠢ ᠪᠠᠨ ᠡᠳᠦᠷ ᠪᠣᠯᠭᠠᠨ ᠵᠠᠷᠢᠮ ᠳ᠋ᠠᠭᠠᠨ ᠬᠡᠳᠦᠨ ᠤᠳᠠᠭ᠎ᠠ ᠲᠠᠭᠠᠷᠠᠯᠳᠤᠬᠤ ᠠᠪᠠᠴᠤ ᠴᠠᠭᠠᠳᠤᠬᠢ ᠨᠢ ᠬᠠᠷᠠᠭᠰᠠᠨ ᠰᠢᠨᠵᠢ ᠦᠭᠡᠢ ᠶᠡᠬᠡᠮᠰᠦᠭ ᠢ᠋ᠶ᠋ᠡᠷ ᠬᠥᠮᠥᠰᠬᠡ ᠵᠠᠩᠭᠢᠳᠤᠨ ᠥᠩᠭᠡᠷᠡᠬᠦ ᠪᠣᠯᠤᠭᠰᠠᠨ ᠳ᠋ᠤ᠌ ᠦᠬᠦᠲᠡᠯ᠎ᠡ ᠪᠡᠨ ᠠᠶᠤᠵᠤ ᠡᠳᠦᠷ ᠨᠢ ᠰᠡᠳᠬᠢᠯ ᠵᠣᠪᠠᠭᠤᠷᠢᠲᠠᠢ᠂ ᠰᠥᠨᠢ ᠨᠢ ᠬᠠᠭᠠᠰ ᠨᠣᠢᠷ ᠲᠠᠢ ᠨᠢᠭᠡ ᠶᠣᠰᠣᠨ ᠳ᠋ᠠᠭᠠᠨ 《 ᠲᠠᠮᠤ ᠶ᠋ᠢᠨ ᠢᠷᠣᠭᠠᠷ  》ᠲᠤ᠌ ᠤᠨᠠᠵᠠᠢ᠃
       ᠫᠦᠷᠪᠦ ᠭᠠᠷᠠᠭ ( ᠭᠠᠷᠠᠭ ᠤ᠋ᠨ ᠳᠥᠷᠪᠡᠨ 〉 ᠦᠨ ᠬᠠᠷᠢᠭᠤᠴᠠᠯᠭᠠᠲᠠᠨ ᠤ᠋ ᠰᠢᠭᠤᠷᠬᠠᠢ ᠵᠥᠪᠯᠡᠯᠭᠡᠨ ᠳᠡᠭᠡᠷ᠎ᠡ 《 ᠴᠡᠮᠪᠡ ᠮᠧᠬᠠᠨᠢᠭᠴᠢ ᠶ᠋ᠢᠨ ᠠᠵᠢᠯ ᠤ᠋ᠨ ᠬᠠᠷᠢᠭᠤᠴᠠᠯᠭ᠎ᠠ ᠦᠭᠡᠢ ᠡᠴᠡ ᠵᠠᠷᠢᠮ ᠮᠠᠰᠢᠨ ᠨᠤᠭᠤᠳ ᠵᠣᠭᠰᠣᠵᠤ ᠼᠧᠬᠡ ① ᠶ᠋ᠢᠨ ᠳᠠᠮᠵᠢᠭᠤᠯᠭ᠎ᠠ ᠨᠤᠭᠤᠳ ᠰᠠᠭᠠᠲᠠᠬᠤ ᠳ᠋ᠤ᠌ ᠬᠦᠷᠴᠦ ᠪᠠᠢᠨ᠎ᠠ ᠂ ᠠᠵᠢᠯ ᠢ᠋ᠶ᠋ᠠᠨ ᠰᠠᠢᠵᠢᠷᠠᠭᠤᠯᠬᠤ ᠦᠭᠡᠢ ᠪᠣᠯ ᠡᠨᠡ ᠨᠥᠬᠥᠷ ᠢ᠋ ᠬᠠᠯᠠᠨ᠎ᠠ 》 ᠭᠡᠵᠦ ᠭᠤᠮᠪᠤᠳᠤᠷᠵᠢ ᠳᠠᠷᠤᠭ᠎ᠠ ᠶ᠋ᠢᠨ ᠠᠩᠬᠠᠷᠤᠭᠤᠯᠵᠤ ᠬᠡᠯᠡᠬᠦ ᠳ᠋ᠦ᠍ ᠴᠡᠮᠪᠡ ᠶ᠋ᠢᠨ ᠬᠠᠷ᠎ᠠ ᠬᠥᠯᠥᠰᠥ ᠨᠢ ᠴᠢᠳᠬᠤᠵᠤ ᠂ ᠲᠣᠯᠣᠭᠠᠢ ᠨᠢ ᠮᠠᠨᠠᠷᠠᠵᠤ ᠠᠷᠠᠢ ᠲᠠᠶ᠎ ᠯᠠ ᠤᠬᠠᠭᠠᠨ ᠠᠯᠳᠠᠵᠤ ᠤᠨᠠᠭᠰᠠᠨ ᠦᠭᠡᠢ᠃
       ᠴᠡᠮᠪᠡ ᠶ᠋ᠢᠨ ᠪᠡᠶ᠎ᠡ ᠡᠳᠦᠷ ᠡᠴᠡ ᠡᠳᠦᠷ ᠢᠷᠡᠬᠦ ᠳᠣᠳᠣᠮ ᠰᠤᠯᠠᠷᠠᠭᠠᠳ᠂ ᠬᠤᠭᠤᠯᠠ ᠤᠮᠳᠠ ᠠ᠋ᠴᠠ ᠭᠠᠷᠴᠤ ᠬᠣᠶᠠᠷ ᠨᠢᠳᠦᠨ ᠦ᠌ ᠬᠢᠨᠢ ᠭᠠᠯ ᠤᠨᠲᠠᠷᠠᠵᠤ ᠬᠣᠩᠬᠣᠢᠲᠠᠯ᠎ᠠ ᠰᠢᠷᠭᠢᠵᠡᠢ᠃ ᠤᠳᠠᠯ ᠦᠭᠡᠢ ᠴᠡᠮᠪᠡ ᠶ᠋ᠢᠨ ᠡᠷᠡᠭᠦᠯ ᠮᠡᠨᠳᠦ ᠡᠷᠡᠰ ᠳᠣᠣᠷᠠᠳᠠᠵᠤ ᠠᠷᠭ᠎ᠠ ᠪᠠᠨ ᠪᠠᠷᠠᠭᠠᠳ《 ᠲᠦᠷᠭᠡᠨ ᠲᠤᠰᠠᠯᠠᠮᠵᠢ 》 ᠳᠠᠭᠤᠳᠠᠭᠤᠯᠤᠨ ᠠᠮᠢᠰᠬᠤᠭ᠎ᠠ ᠲᠠᠢ ᠠᠮᠢᠰᠬᠤᠭ᠎ᠠ ᠦᠭᠡᠢ ᠬᠣᠶᠠᠷ ᠤ᠋ᠨ ᠳᠤᠮᠳᠠ ᠡᠮᠨᠡᠯᠭᠡ ᠳ᠋ᠦ᠍ ᠬᠥᠷᠭᠡᠭᠦᠯᠪᠡᠯ 《ᠲᠠᠨ ᠦ ᠴᠢᠰᠤᠨ ᠳᠠᠷᠤᠯᠲᠠ ᠬᠡᠳᠦ ᠶᠡᠬᠡᠰᠴᠡᠢ ᠂ ᠡᠮ ᠤᠤᠭᠤ ᠂ ᠲᠠᠷᠢᠶ᠎ᠠ ᠬᠢᠯᠭᠡ ᠂ ᠠᠭᠤᠷᠯᠠᠵᠤ ᠪᠣᠬᠢᠮᠳᠠᠵᠦ ᠪᠣᠯᠬᠤ ᠦᠭᠡᠢ ᠂ ᠬᠠᠮᠤᠭ ᠤ᠋ᠨ ᠭᠣᠣᠯ ᠨᠢ ᠰᠡᠳᠬᠢᠯ ᠲᠠᠢᠪᠤᠩ ᠪᠠᠢᠬᠤ ᠬᠡᠷᠡᠭᠲᠡᠢ 》 ᠭᠡᠵᠦ ᠵᠥᠪᠯᠡᠵᠡᠢ᠃
       ᠴᠡᠮᠪᠡ ᠡᠭᠦᠨ ᠡᠴᠡ ᠬᠣᠢᠰᠢ ᠡᠷᠡᠭᠦᠯ ᠶᠠᠪᠤᠬᠤ ᠠ᠋ᠴᠠ ᠡᠷᠬᠢᠮ ᠵᠦᠢᠯ ᠪᠠᠢᠬᠤ ᠦᠭᠡᠢ ᠶᠦᠮ ᠭᠡᠵᠦ ᠪᠣᠳᠣᠭᠠᠳ ᠡᠨᠡ ᠲᠡᠷᠡ ᠰᠢᠭᠦᠮᠵᠢᠯᠡᠯ ᠲᠠᠯᠪᠢᠬᠤ ᠪᠠᠨ ᠪᠦᠷᠢᠮᠦᠰᠦᠨ ᠵᠣᠭᠰᠣᠵᠤ ᠬᠠᠷᠢᠨ ᠬᠤᠷᠠᠯ ᠴᠤᠭᠯᠠᠭᠠᠨ ᠪᠣᠯᠪᠠᠯ ᠳᠠᠷᠤᠭ᠎ᠠ ᠨᠠᠷ ᠢ᠋ᠶ᠋ᠠᠨ ᠰᠠᠨᠰᠠᠷ ᠲᠤ᠌ ᠭᠠᠷᠲᠠᠯ᠎ᠠ ᠮᠠᠭᠲᠠᠳᠠᠭ 《 ᠰᠠᠢᠬᠠᠨ ᠵᠠᠩᠰᠢᠯ 》 ᠲᠠᠶ᠎ ᠪᠣᠯᠪᠠ ᠃ ᠲᠡᠷᠡ ᠴᠤ ᠪᠠᠢᠲᠤᠭᠠᠢ ᠨᠢᠭᠡᠳᠦᠯ ᠦ᠋ᠨ ᠬᠡᠮᠵᠢᠶᠡᠨ ᠦ᠌ ᠦᠢᠯᠡᠳᠪᠦᠷᠢ ᠶ᠋ᠢᠨ ᠪᠦᠬᠦ ᠠᠵᠢᠯᠴᠢᠳ ᠴᠤᠭᠯᠠᠷᠠᠭᠰᠠᠨ ᠲᠣᠮᠣᠬᠠᠨ ᠬᠤᠷᠠᠯ ᠳᠡᠭᠡᠷ᠎ᠡ ᠪᠣᠰᠤᠭᠠᠳ 《 ᠮᠠᠨ ᠤ᠋ ᠦᠢᠯᠡᠳᠪᠦᠷᠢ ᠶ᠋ᠢᠨ ᠳᠠᠷᠤᠭ᠎ᠠ ᠭᠤᠮᠪᠤᠳᠤᠷᠵᠢ ᠭᠤᠸᠠᠢ ᠪᠣᠯ ᠰᠣᠼᠢᠶᠠᠯᠢᠰᠲ ᠥᠮᠴᠢ ᠶ᠋ᠢ ᠬᠠᠢᠷᠠᠯᠠᠨ ᠬᠠᠮᠠᠭᠠᠯᠠᠭᠴᠢ ᠂ ᠠᠷᠪᠢᠵᠢᠭᠤᠯᠠ ᠪᠠᠶᠠᠵᠢᠭᠤᠯᠤᠭᠴᠢ ᠂ ᠶᠡᠷᠦ ᠨᠢ ᠪᠦᠬᠦ ᠲᠠᠯ᠎ᠠ ᠪᠠᠷ ᠢ᠋ᠶ᠋ᠠᠨ ᠠᠷᠢᠯᠭᠠᠭᠰᠠᠨ ᠰᠣᠩᠭᠢᠨ᠎ᠠ ᠰᠢᠭ᠋ ᠴᠠᠪᠡᠷ ᠂ ᠤᠰᠤᠨ ᠪᠣᠯᠣᠷ ᠰᠢᠭ᠋ ᠲᠣᠪ ᠲᠤᠩᠭᠠᠯᠠᠭ ᠂ ᠥᠨᠳᠡᠭᠡ ᠰᠢᠭ ᠦ ᠦᠭᠡᠢ ᠂ ᠲᠡᠷᠢᠭᠦᠨ ᠦ᠌ ᠤᠬᠠᠮᠰᠠᠷ ᠲᠠᠢ ᠂ ᠵᠣᠷᠢᠭᠵᠢᠭᠤᠯᠤᠨ ᠵᠣᠬᠢᠶᠠᠨ ᠪᠠᠢᠭᠤᠯᠬᠤ ᠴᠢᠳᠠᠯ ᠲᠠᠢ ᠬᠥᠮᠦᠨ ᠮᠥᠨ 》 ᠭᠡᠳ ᠠᠮᠠᠨ ᠳ᠋ᠠᠭᠠᠨ ᠣᠷᠣᠭᠰᠠᠨ ᠪᠦᠬᠦᠨ ᠢ ᠬᠠᠷᠠᠮ ᠦᠭᠡᠢ ᠠᠢᠯᠠᠳᠴᠤ ᠭᠠᠷᠪᠠ᠃ 
       ᠴᠠᠮᠪᠠ ᠲᠡᠢᠨ ‍ᠬᠦ ᠲᠡᠭᠷᠢ ᠲᠤᠯᠲᠠᠯ᠎ᠠ ᠮᠠᠭᠲᠠᠵᠤ ᠪᠠᠢᠬᠤ ᠳ᠋ᠠᠭᠠᠨ ᠨᠢᠳᠦᠨ ᠦ ᠪᠤᠯᠤᠩ ᠢᠶᠠᠷ ᠰᠡᠮᠬᠡᠨ ᠠᠵᠢᠪᠠᠯ ᠭᠣᠮᠪᠣᠳᠣᠷᠵᠢ ᠳᠠᠷᠤᠭ᠎ᠠ ᠶᠢᠨ ᠤᠨᠵᠢᠭᠠᠷ ᠤᠷᠲᠤ ᠰᠢᠷ᠎ᠠ ᠬᠠᠮᠠᠷ ᠤᠯᠠᠢᠭᠰᠠᠨ ᠦᠭᠡᠢ ᠬᠠᠷᠢᠨ ᠥᠩᠭᠡ ᠲᠡᠢ ᠪᠣᠯ ᠥᠩᠭᠡᠲᠡᠢ᠂ ᠣᠯᠠᠨ ᠵᠠᠭᠤᠨ ᠬᠠᠮᠠᠷ ᠳᠤᠮᠳᠠ ᠠ᠋ᠴᠠ ᠲᠣᠳᠣ ᠠ᠋ᠴᠠ ᠲᠣᠳᠣ ᠬᠤᠷᠴᠠ ᠡᠴᠡ ᠬᠤᠷᠴᠠ ᠭᠡᠷᠡᠯᠲᠦᠵᠦ ᠪᠠᠢᠪᠠ᠃ 
       ᠴᠠᠮᠪᠠ 《 ᠬᠠᠰᠢᠷ ᠰᠠᠭᠤᠵᠤ 》 ᠰᠡᠭᠦᠯ ᠦᠨ ᠬᠣᠶᠠᠷ ᠭᠤᠷᠪᠠᠨ ᠵᠢᠯ ᠦᠨ ᠲᠤᠷᠰᠢ ᠠᠮᠠ ᠠᠩᠭᠠᠢᠬᠤ ᠵᠠᠪᠰᠢᠶᠠᠨ ᠭᠠᠷᠪᠠᠯ ᠭᠣᠮᠪᠣᠳᠣᠷᠵᠢ ᠲᠥᠷᠥᠬᠦᠦ ᠲᠠᠢ ᠳᠠᠷᠤᠭ᠎ᠠ ᠨᠠᠷ ᠢ᠋ᠶ᠋ᠠᠨ ᠮᠠᠭᠲᠠᠭᠰᠠᠭᠠᠷ ᠪᠠᠢᠭᠠᠳ ᠠᠵᠢᠯ ᠬᠤᠨᠠᠷ ᠨᠢ ᠠᠯᠬᠤᠮ ᠳᠣᠳᠣᠮ ᠢ᠋ᠶ᠋ᠠᠨ ᠦᠨᠡᠯᠡᠭᠳᠡᠵᠦ᠂ ᠴᠢᠰᠤᠨ ᠳᠠᠷᠤᠯᠲᠠ ᠨᠢ ᠬᠡᠪ ᠲᠡᠭᠡᠨ ᠣᠷᠣᠵᠤ ᠪᠡᠶ᠎ᠡ ᠨᠢ ᠤᠷᠢᠳᠤ ᠤᠷᠢᠳᠤ ᠶ᠋ᠢᠨ ᠡᠴᠡ ᠪᠡᠨ ᠰᠠᠢᠵᠢᠷᠠᠭᠰᠠᠨ ᠭᠡᠨ᠎ᠡ ᠯᠡ ᠳᠡ᠃
      《 ᠤᠭ ᠨᠢ ᠭᠠᠳᠠᠭ᠎ᠠ ᠬᠠᠰᠢᠶᠠᠨ ᠳ᠋ᠤ᠌ ᠬᠡᠪᠲᠡᠵᠦ ᠪᠠᠢᠭ᠎ᠠ ᠬᠡᠳᠦᠨ ᠰᠠᠶ᠎ᠠ ᠲᠥᠭᠥᠷᠢᠭ ᠦ᠋ᠨ ᠦᠨᠡᠲᠡᠢ ᠮᠠᠰᠢᠨ ᠨᠤᠭᠤᠳ ᠠ᠋ᠴᠠ ᠭᠠᠭᠴᠠ ᠨᠢᠭᠡ ᠶ᠋ᠢ ᠨᠢ ᠴᠦ᠍ ᠪᠣᠯᠤᠭᠰᠠᠨ ᠵᠠᠰᠠᠭᠤᠯᠵᠤ ᠠᠪᠤᠶ᠎ᠠ ᠭᠡᠵᠦ ᠠᠩᠬ᠎ᠠ ᠰᠢᠭᠦᠮᠵᠢᠯᠡᠭᠰᠡᠨ ᠶᠦᠮ᠃ ᠲᠡᠭᠡᠯ᠎ᠡ ᠭᠡᠳ ᠠᠷᠠᠢ ᠲᠠᠢ ᠯᠠ ᠲᠠᠯᠬ᠎ᠠ ᠠ᠋ᠴᠠ ᠮᠢᠨᠢ ᠰᠠᠯᠭᠠᠴᠢᠬᠠᠭᠰᠠᠨ ᠦᠭᠡᠢ᠃ ᠠᠮᠠ ᠪᠠᠨ ᠬᠠᠮᠬᠢᠵᠤ ᠬᠤᠪᠢ ᠪᠠᠨ ᠬᠢᠴᠢᠶᠡᠰᠬᠢᠭᠡᠳ ᠴᠢᠰᠤᠨ ᠤ᠋ ᠪᠠᠨ ᠳᠠᠷᠤᠯᠲᠠ ᠶ᠋ᠢ ᠬᠡᠪ ᠲᠦ᠋ᠨᠢ ᠪᠠᠢᠯᠭᠠᠵᠤ ᠶᠠᠪᠤᠶ᠎ᠠ 》 ᠭᠡᠳ ᠴᠡᠮᠪᠡ ᠮᠧᠬᠠᠨᠢᠭᠴᠢ ᠡᠢᠨ ‍ᠬᠦ《 ᠰᠠᠢᠬᠠᠨ ᠵᠠᠩᠰᠢᠯ ᠲᠠᠢ 》 ᠪᠣᠯᠤᠭᠰᠠᠨ ᠶᠤᠮ ᠰᠠᠨᠵᠠᠢ᠃

– – – – 
① ᠦᠢᠯᠡᠳᠪᠦᠷᠢ ᠶᠢᠨ ᠠᠵᠢᠯ ᠤᠨ ᠳᠠᠰᠤᠭ

《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃