ᠵᠦᠢᠷ ᠰᠡᠴᠡᠨ ᠦᠭᠡ – ᠤ<5> ᠶ᠋ᠢᠨ ᠠᠢᠮᠠᠭ Зүйр цэцэн үг – У ин аймаг
ᠤ᠌ᠭ ᠮᠠᠭᠤᠲᠤ ᠶ᠋ᠢ ᠤᠰᠤᠨ ᠲᠣᠲᠣᠷ᠎ᠠ ᠠ᠋ᠴᠠ ᠲᠦᠢᠮᠡᠷ ᠠᠪᠬᠤ
ᠰᠠᠨᠠᠭ᠎ᠠ ᠮᠠᠭᠤᠲᠤ ᠶ᠋ᠢ ᠰᠠᠯᠬᠢᠨ ᠲᠣᠲᠣᠷ᠎ᠠ ᠠ᠋ᠴᠠ ᠠᠶᠤᠯ ᠨᠥᠮᠥᠷᠢᠬᠦ
ᠤ᠌ᠭ ᠮᠠᠭᠤᠲᠤ ᠶ᠋ᠢᠨ ᠦᠷ᠎ᠡ ᠶ᠋ᠢ ᠪᠤᠤ ᠠᠪ
ᠤᠳᠤᠮ ᠮᠠᠭᠤᠲᠤ ᠶ᠋ᠢᠨ ᠬᠣᠢᠮᠤᠷ ᠲᠤ ᠪᠤᠤ ᠰᠠᠭᠤ
ᠤ᠌ᠭ ᠮᠠᠭᠤᠲᠠᠢ ᠬᠥᠮᠦᠨ ᠳ᠋ᠦ᠍
ᠤᠬᠠᠭᠠᠨ ᠦᠭᠡᠢ ᠨᠣᠶᠠᠨ
ᠤ᠌ᠭ ᠨᠢ ᠪᠤᠬ᠎ᠠ ᠶ᠋ᠢᠨ
ᠤᠬᠠᠭᠠᠨ ᠨᠢ ᠲᠤᠭᠤᠯ ᠤᠨ
ᠤ᠌ᠭ ᠰᠠᠢᠲᠠᠢ ᠬᠥᠮᠦᠨ ᠲᠠᠢ ᠤᠷᠤᠭ ᠪᠣᠯᠬᠤ ᠳ᠋ᠦ᠍ ᠤᠷᠮ᠎ᠠ ᠲᠠᠢ
ᠤᠳᠤᠮ ᠰᠠᠢᠲᠠᠢ ᠬᠥᠮᠦᠨ ᠲᠠᠢ ᠲᠣᠳᠣᠨᠤ ᠪᠣᠯᠬᠤ ᠳ᠋ᠦ᠍ ᠤᠷᠮ᠎ᠠ ᠲᠠᠢ
ᠤ᠌ᠭ ᠰᠠᠢᠲᠤ ᠶ᠋ᠢ ᠬᠠᠷᠠᠵᠤ ᠤᠷᠤᠭ ᠪᠠᠷᠢᠯᠳᠦ
ᠤᠩᠭᠢ ᠰᠠᠢᠲᠤ ᠶ᠋ᠢ ᠰᠢᠯᠢᠵᠦ ᠴᠠᠪᠴᠢ
ᠤ᠌ᠭ ᠰᠠᠢᠲᠤ ᠶ᠋ᠢᠨ ᠤᠨᠠᠭ᠎ᠠ
ᠤᠭᠰᠠᠭ᠎ᠠ ᠰᠠᠢᠲᠤ ᠶ᠋ᠢᠨ ᠬᠦᠦ
ᠤ᠌ᠭ ᠰᠠᠢᠲᠤ ᠶ᠋ᠢᠨ ᠤᠨᠠᠭ᠎ᠠ ᠵᠢᠷᠤᠭ᠎ᠠ
ᠤᠳᠤᠮ ᠰᠠᠢᠲᠤ ᠶ᠋ᠢᠨ ᠦᠷ᠎ᠡ ᠴᠣᠪᠣᠭ᠎ᠠ
ᠤ᠌ᠭ ᠤᠭᠯᠠᠭᠠ ᠲᠠᠢ ᠲᠣᠬᠣᠮ ᠲᠣᠬᠣᠭᠠᠰᠤ ᠲᠠᠢ
ᠤ᠌ᠭ ᠦᠭᠡᠢ ᠤᠭᠯᠤᠷᠠᠬᠤ ᠦᠭᠡᠢ
ᠦᠵᠦᠭᠦᠷ ᠦᠭᠡᠢ ᠰᠢᠨᠲᠠᠷᠠᠬᠤ ᠦᠭᠡᠢ
ᠤ᠌ᠭ ᠦᠭᠡᠢ ᠬᠥᠮᠦᠨ ᠨᠣᠶᠠᠨ ᠪᠣᠯᠬᠤ ᠦᠭᠡᠢ
ᠤᠩᠭᠢ ᠦᠭᠡᠢ ᠰᠦᠬᠡ ᠲᠦᠯᠡᠭᠡ ᠬᠠᠭᠠᠯᠬᠤ ᠦᠭᠡᠢ
ᠤᠬᠢᠶᠠᠪᠠ ᠭᠡᠵᠦ ᠬᠣᠷᠮᠣᠢ ᠪᠠᠨ ᠨᠣᠷᠭᠠᠬᠤ
ᠢᠳᠡᠪᠡ ᠭᠡᠵᠦ ᠡᠩᠭᠡᠷ ᠢᠶᠠᠨ ᠳᠤᠰᠤᠳᠠᠬᠤ
ᠤᠬᠢᠶᠠᠪᠠᠴᠤ ᠤ᠌ᠭ ᠨᠢ ᠬᠠᠷ᠎ᠠ
ᠬᠡᠯᠡᠪᠡᠴᠦ ᠬᠡᠯᠡ ᠨᠢ ᠬᠠᠷ᠎ᠠ
ᠤ᠌ᠭ ᠢᠶᠠᠨ ᠮᠡᠳᠡᠬᠦ ᠦᠭᠡᠢ ᠬᠥᠮᠦᠨ
ᠤᠰᠤ ᠪᠠᠨ ᠲᠠᠨᠢᠬᠤ ᠦᠭᠡᠢ ᠮᠠᠯ
ᠤᠬᠢᠶᠠᠭᠰᠠᠨ ᠤᠰᠤ ᠷᠠᠰᠢᠶᠠᠨ
ᠤᠨᠠᠭᠰᠠᠨ ᠰᠢᠷᠣᠢ ᠠᠯᠲᠠ
ᠤᠭᠠᠯᠵᠠ ᠣᠶᠣᠬᠣ᠌ ᠳ᠋ᠦ᠍ ᠤᠯᠠᠭᠠᠨ ᠨᠣᠭᠣᠭᠠᠨ ᠤᠲᠠᠰᠤ ᠬᠡᠷᠡᠭᠲᠡᠢ
ᠤᠷᠠᠨ ᠡᠷᠳᠡᠮ ᠢ ᠰᠤᠷᠬᠤ ᠳ᠋ᠦ᠍ ᠣᠶᠤᠨ ᠤᠬᠠᠭᠠᠨ ᠬᠡᠷᠡᠭᠲᠡᠢ
ᠤᠭᠠᠯᠵᠠ ᠳ᠋ᠦ᠍ ᠪᠡᠨ ᠴᠤ᠌ ᠪᠤᠢ
ᠤᠷᠠᠯᠠᠭ᠍ᠴᠢ ᠳ᠋ᠦ᠍ ᠪᠡᠨ ᠴᠤ᠌ ᠪᠤᠢ
ᠤᠭᠠᠯᠵᠠ ᠶ᠋ᠢᠨ ᠳᠣᠣᠷᠠᠳᠣ᠌ ᠬᠢ ᠶ᠋ᠢ ᠬᠦᠯᠢᠶᠡᠵᠦ
ᠦᠨᠡᠭᠡ ᠲᠤᠷᠠᠵᠤ ᠦᠬᠦᠪᠡ ᠬᠡᠬᠦ ᠰᠢᠭ᠌
ᠤ᠌ᠭ ᠨᠢ ᠤᠳᠤᠮ ᠢ᠋ᠶ᠋ᠡᠷ ᠨᠢ
ᠤᠷᠢᠳᠤᠬᠢ ᠶ᠋ᠢ ᠨᠢ ᠬᠣᠢᠳᠤᠬᠢ ᠪᠡᠷ ᠨᠢ
ᠤ᠌ᠭ ᠢ ᠨᠢ ᠬᠠᠵᠠᠭᠰᠠᠨ ᠬᠥᠮᠦᠨ
ᠦᠵᠦᠭᠦᠷ ᠢ ᠨᠢ ᠬᠠᠵᠠᠳᠠᠭ
ᠤ᠌ᠭ ᠨᠢ ᠮᠠᠭᠤ ᠶ᠋ᠢᠨ ᠦᠰᠦ ᠨᠢ ᠤᠷᠲᠤ
ᠤᠬᠠᠭᠠᠨ ᠨᠢ ᠮᠠᠭᠤ ᠶ᠋ᠢᠨ ᠬᠢᠮᠦᠰᠦ ᠨᠢ ᠤᠷᠲᠤ
ᠤ᠌ᠭ ᠨᠢ ᠮᠠᠭᠤᠬᠠᠢ ᠳᠡᠭᠡᠷ᠎ᠡ
ᠤᠬᠢᠯᠠᠩᠬᠠᠢ ᠮᠠᠭᠤᠬᠠᠢ
ᠤ᠌ᠭ ᠤᠨ ᠤᠬᠠᠭᠠᠨ ᠠ᠋ᠴᠠ ᠰᠤᠷᠭᠠᠭᠤᠯᠢ ᠶ᠋ᠢᠨ ᠤᠬᠠᠭᠠᠨ
ᠤ᠌ᠭ ᠰᠠᠢᠲᠤ ᠬᠥᠮᠦᠨ ᠦ ᠦᠷ᠎ᠡ
ᠰᠦ ᠰᠠᠢᠲᠤ ᠭᠡᠭᠦᠦ ᠶ᠋ᠢᠨ ᠤᠨᠠᠭ᠎ᠠ
ᠤᠳᠠᠭᠠᠨ ᠪᠣᠳᠣᠵᠤ ᠠᠭᠤᠵᠢᠮ ᠰᠡᠳᠬᠢᠬᠦ
ᠤᠳᠠᠭᠠᠨ ᠪᠣᠯ ᠤᠷᠤᠭ᠍ᠰᠢ ᠦᠭᠡᠢ
ᠣᠵᠢᠭ᠋ ᠪᠣᠯ ᠡᠳᠡᠭᠡᠰᠢ ᠦᠭᠡᠢ
ᠤᠳᠠᠭᠠᠨ ᠳ᠋ᠦ᠍ ᠪᠠᠨ ᠳᠠᠭᠠᠭᠠᠮᠠᠭᠠᠢ
ᠲᠦᠷᠭᠡᠨ ᠳ᠋ᠦ᠍ ᠪᠡᠨ ᠲᠦᠭᠦᠬᠡᠢ
ᠤᠳᠠᠵᠤ ᠪᠠᠢᠭᠠᠳ ᠠᠭᠤᠯᠵᠠᠭᠰᠠᠨ ᠢᠨᠠᠭ
ᠤᠮᠳᠠᠭᠠᠰᠴᠤ ᠪᠠᠢᠭᠠᠳ ᠤᠤᠭᠤᠭᠰᠠᠨ ᠤᠰᠤ
ᠤᠳᠤᠮᠲᠤ ᠬᠥᠮᠦᠨ ᠦ ᠦᠷ᠎ᠡ
ᠤᠭᠰᠠᠭᠠᠲᠤ ᠭᠡᠭᠦᠦ ᠶ᠋ᠢᠨ ᠤᠨᠠᠭ᠎ᠠ
ᠤᠳᠤᠮ ᠶᠠᠷᠢᠪᠠᠯ ᠤᠯᠤᠰ ᠢ ᠳᠣᠩᠰᠣᠯᠭᠠᠮᠠᠷ
ᠤᠳᠠᠬᠤ ᠦᠭᠡᠢ ᠡᠪ ᠢ᠋ᠶ᠋ᠡᠷ ᠶᠠᠭᠤ ᠬᠢᠬᠦ ᠪᠣᠢ
ᠪᠠᠲᠤ ᠦᠭᠡᠢ ᠵᠠᠩ ᠢ᠋ᠶ᠋ᠡᠷ ᠶᠠᠭᠤ ᠬᠢᠬᠦ ᠪᠤᠢ
ᠤᠳᠤᠮ ᠢ᠋ᠶ᠋ᠡᠷ ᠢ᠋ᠶ᠋ᠡᠨ ᠠᠯᠳᠠᠷᠰᠢᠳᠠᠭ ᠦᠭᠡᠢ
ᠤᠬᠠᠭᠠᠨ ᠢ᠋ᠶ᠋ᠡᠷ ᠢ᠋ᠶ᠋ᠡᠨ ᠠᠯᠳᠠᠷᠰᠢᠳᠠᠭ
ᠣᠵᠢᠭ ᠪᠠᠶᠠᠨ ᠤᠨᠵᠢᠭᠤ ᠪᠠᠢᠳᠠᠭ
ᠣᠵᠢᠭ ᠡᠪᠡᠳᠴᠢᠨ ᠤᠳᠠᠭᠠᠨ ᠪᠠᠢᠳᠠᠭ
ᠣᠵᠢᠭ ᠡᠪᠡᠳᠴᠢᠨ ᠬᠦᠨᠳᠦ
ᠠᠭᠤᠵᠢᠮ ᠳᠡᠯᠡᠬᠡᠢ ᠪᠠᠶᠠᠨ
ᠣᠢ ᠭᠠᠰᠢᠭᠤ ᠤᠬᠠᠭᠠᠨ ᠪᠠᠷᠠᠳᠠᠭ
ᠤᠢᠳᠬᠠᠷ ᠭᠤᠨᠢᠭ ᠪᠡᠶ᠎ᠡ ᠪᠠᠷᠠᠳᠠᠭ
ᠣᠢᠭ᠎ᠠ ᠦᠭᠡᠢ ᠠᠵᠢᠯᠯᠠᠪᠠᠯ
ᠤᠰᠤᠨ ᠳ᠋ᠤ᠌ ᠴᠤ᠌ ᠭᠠᠯ ᠠᠰᠬᠠᠨ᠎ᠠ
ᠣᠢᠭ᠎ᠠ ᠦᠭᠡᠢ ᠬᠥᠮᠦᠨ ᠠᠭᠤᠯᠠ ᠨᠦᠬᠡᠯᠡᠨᠡ
ᠣᠵᠢᠭ ᠡᠪᠡᠳᠴᠢᠨ ᠪᠡᠶ᠎ᠡ ᠨᠦᠬᠡᠯᠡᠨᠡ
ᠤᠬᠢᠯᠠᠨ ᠤᠬᠢᠯᠠᠨ ᠬᠥᠮᠦᠨ
ᠮᠠᠢᠯᠠᠨ ᠮᠠᠢᠯᠠᠨ ᠮᠠᠯ
ᠤᠬᠢᠯᠠᠭᠰᠠᠭᠠᠷ ᠤᠬᠢᠯᠠᠭᠰᠠᠭᠠᠷ ᠬᠥᠮᠦᠨ ᠪᠣᠯᠬᠤ
ᠮᠠᠢᠯᠠᠭᠰᠠᠭᠠᠷ ᠮᠠᠢᠯᠠᠭᠰᠠᠭᠠᠷ ᠮᠠᠯ ᠪᠣᠯᠬᠤ
ᠤᠬᠢᠯᠠᠬᠤ ᠪᠣᠯᠪᠠᠯ ᠨᠢᠳᠦ ᠲᠡᠢ ᠨᠢᠳᠦ ᠦᠭᠡᠢ ᠬᠠᠮᠢᠶ᠎ᠠ ᠦᠭᠡᠢ
ᠦᠬᠦᠬᠦ ᠪᠣᠯᠪᠠᠯ ᠡᠪᠡᠳᠴᠢᠲᠡᠢ ᠡᠷᠡᠭᠦᠯ ᠬᠠᠮᠢᠶ᠎ᠠ ᠦᠭᠡᠢ
ᠦᠬᠦᠬᠦ ᠪᠣᠯᠪᠠᠯ ᠬᠥᠭᠰᠢᠨ ᠵᠠᠯᠠᠭᠤ ᠬᠠᠮᠢᠶ᠎ᠠ ᠦᠭᠡᠢ
ᠤᠬᠢᠯᠠᠬᠤ ᠶᠡᠬᠡᠳᠡᠬᠦ ᠢᠨᠢᠡᠶᠡᠬᠦ ᠪᠠᠭᠠᠳᠠᠬᠤ
ᠤᠬᠢᠯᠠᠬᠤ ᠬᠡᠦᠬᠡᠳ ᠦ᠋ᠨ ᠬᠣᠰᠬᠢᠨᠠᠭ
ᠤᠷᠢᠳᠤ ᠡᠳᠦᠷ ᠡᠴᠡ ᠪᠡᠨ ᠤᠮᠠᠯᠵᠠᠬᠤ
ᠤᠬᠢᠯᠠᠬᠤ ᠶ᠋ᠢ ᠨᠢ ᠦᠵᠡᠪᠡᠯ ᠦᠨᠦᠰᠦᠭᠡᠳ ᠠᠪᠤᠮᠠᠷ
ᠤᠨᠵᠢᠢᠬᠤ ᠶ᠋ᠢ ᠨᠢ ᠦᠵᠡᠪᠡᠯ ᠲᠠᠰᠤᠳᠠᠭᠠᠳ ᠠᠪᠤᠮᠠᠷ
ᠤᠬᠢᠯᠠᠵᠤ ᠪᠠᠢᠮᠠᠨ ᠬᠥᠮᠦᠨ ᠪᠣᠯᠳᠠᠭ
ᠮᠠᠢᠯᠠᠵᠤ ᠪᠠᠢᠮᠠᠨ ᠮᠠᠯ ᠪᠣᠯᠳᠠᠭ
ᠤᠬᠢᠯᠠᠭᠰᠠᠭᠠᠷ ᠤᠬᠢᠯᠠᠭᠰᠠᠭᠠᠷ ᠬᠠᠪᠤᠷ ᠨᠠᠭᠠᠰᠢ ᠪᠠᠨ
ᠢᠨᠢᠶᠡᠭᠰᠡᠭᠡᠷ ᠢᠨᠢᠶᠡᠭᠰᠡᠭᠡᠷ ᠨᠠᠮᠤᠷ ᠴᠠᠭᠠᠰᠢ ᠪᠠᠨ
ᠤᠬᠢᠯᠠᠭᠰᠠᠨ ᠬᠥᠮᠦᠨ ᠢ᠋ ᠠᠷᠭᠠᠳᠠ
ᠢᠨᠢᠶᠡᠭᠰᠡᠨ ᠬᠥᠮᠦᠨ ᠢ᠋ ᠠᠰᠠᠭᠤ
ᠤᠬᠢᠯᠠᠭᠰᠠᠨ ᠬᠥᠮᠦᠨ ᠢ᠋ ᠪᠤᠤ ᠠᠰᠠᠭᠤ
ᠢᠨᠢᠶᠡᠭᠰᠡᠨ ᠬᠥᠮᠦᠨ ᠢ᠋ ᠠᠰᠠᠭᠤ
ᠤᠬᠢᠯᠠᠩᠬᠠᠢ ᠬᠡᠦᠬᠡᠳ ᠡᠬᠡ ᠶ᠋ᠢᠨ ᠬᠣᠷᠮᠣᠢ ᠠ᠋ᠴᠠ ᠵᠢᠭᠤᠷᠠᠭᠠᠰᠤ ᠲᠠᠢ
ᠣᠩᠭᠢᠶ᠎ᠠ ᠦᠭᠡᠢ ᠡᠷ᠎ᠡ ᠡᠬᠡᠨᠡᠷ ᠦ᠋ᠨ ᠬᠣᠷᠮᠣᠢ ᠠ᠋ᠴᠠ ᠵᠡᠭᠦᠭᠳᠡᠭᠡᠰᠦ ᠲᠡᠢ
ᠤᠬᠢᠠᠭᠤᠯᠵᠤ ᠴᠢᠳᠠᠪᠠᠯ ᠲᠠᠢᠳᠬᠤᠷᠠᠭᠤᠯᠵᠤ ᠴᠢᠳᠠ
ᠤᠶᠠᠵᠤ ᠴᠢᠳᠠᠪᠠᠯ ᠲᠠᠢᠯᠵᠤ ᠴᠢᠳᠠ
ᠤᠮᠪᠠᠭᠠᠴᠢ ᠶ᠋ᠢᠨ ᠬᠦᠦ ᠱᠤᠮᠪᠠᠭᠠᠴᠢ
ᠤᠷᠪᠠᠭᠠᠴᠢ ᠶ᠋ᠢᠨ ᠬᠦᠦ ᠬᠥᠷᠪᠡᠭᠡᠴᠢ
ᠤᠬᠠᠵᠤ ᠴᠢᠳᠠᠪᠠᠯ ᠦᠭᠡ ᠡᠷᠳᠡᠨᠢ
ᠤᠨᠤᠵᠤ ᠴᠢᠳᠠᠪᠠᠯ ᠮᠣᠷᠢ ᠡᠷᠳᠡᠨᠢ
ᠤᠷᠢᠳ ᠢ᠋ᠶ᠋ᠠᠷ ᠬᠡᠯᠡᠭᠰᠡᠨ ᠢ᠋ᠶ᠋ᠡᠷ ᠢ᠋ᠶ᠋ᠡᠨ ᠵᠥᠪ ᠪᠣᠯᠳᠠᠭ ᠦᠭᠡᠢ
ᠤᠤᠬᠠᠭᠯᠠᠵᠤ ᠰᠠᠭᠤᠭᠰᠠᠨ ᠢ᠋ᠶ᠋ᠠᠷ ᠢ᠋ᠶ᠋ᠠᠨ ᠪᠥᠬᠡ ᠪᠣᠯᠳᠠᠭ ᠦᠭᠡᠢ
ᠤᠷᠭ᠎ᠠ ᠶ᠋ᠢᠨ ᠰᠠᠢᠨ ᠢ᠋ᠶ᠋ᠠᠷ ᠮᠣᠷᠢ ᠪᠠᠷᠢᠳᠠᠭ
ᠤᠬᠠᠭᠠᠨ ᠤ᠋ ᠰᠠᠢᠨ ᠢ᠋ᠶ᠋ᠠᠷ ᠲᠥᠷᠥ ᠪᠠᠷᠢᠳᠠᠭ
ᠤᠯᠠ ᠶ᠋ᠢ ᠬᠠᠳᠬᠤᠬᠤ ᠵᠠᠩᠭᠤᠤ
ᠤᠷᠭᠤᠵᠤ ᠭᠠᠷᠬᠤ ᠳ᠋ᠤ᠌ ᠪᠠᠨ ᠵᠤᠬᠡᠯᠡᠨ
ᠣᠯᠠᠨ ᠢ᠋ ᠬᠤᠳᠬᠤᠬᠤ ᠵᠠᠯᠢᠬᠠᠢ
ᠤᠷᠠᠯᠠᠵᠤ ᠬᠡᠯᠡᠬᠦ ᠳ᠋ᠡᠭᠡᠨ ᠵᠥᠭᠡᠯᠡᠨ
ᠤᠨᠲᠠᠬᠤ ᠨᠣᠢᠷ ᠲᠤ᠌ ᠪᠠᠨ ᠳᠠᠷᠤᠭᠳᠠᠪᠠᠯ ᠤᠷᠤᠭᠤᠳᠠᠬᠤ ᠶ᠋ᠢᠨ ᠲᠡᠮᠳᠡᠭ
ᠤᠤᠭᠤᠵᠤ ᠢᠳᠡᠬᠦ ᠳ᠋ᠡᠭᠡᠨ ᠰᠢᠨᠤᠬᠠᠢᠷᠠᠭᠤᠯ ᠦᠭᠡᠢᠷᠡᠬᠦ ᠶ᠋ᠢᠨ ᠲᠡᠮᠳᠡᠭ
ᠤᠴᠢᠷ ᠮᠡᠳᠡᠬᠦ ᠦᠭᠡᠢ ᠬᠥᠮᠦᠨ ᠳ᠋ᠦ᠍ ᠦᠭᠡ ᠬᠠᠢᠷᠠᠨ
ᠦᠨᠦᠷ ᠮᠡᠳᠡᠬᠦ ᠦᠭᠡᠢ ᠬᠠᠮᠠᠷ ᠲᠤ᠌ ᠵᠢᠭᠠᠷ ᠬᠠᠢᠷᠠᠨ
ᠣᠯᠣᠰᠣᠨ ᠳᠡᠭᠡᠰᠦ ᠤᠰᠤᠨ ᠳ᠋ᠤ᠌ ᠴᠢᠩᠭᠠᠷᠠᠨ᠎ᠠ
ᠣᠯᠢᠭ ᠮᠠᠭᠤᠳᠠᠬᠤ ᠠᠷᠢᠬᠢᠨ ᠳ᠋ᠤ᠌ ᠴᠢᠩᠭᠠᠷᠠᠨ᠎ᠠ
ᠤᠰᠤ ᠤᠤᠭᠤᠬᠤ ᠦᠭᠡᠢ ᠦᠬᠡᠷ ᠲᠦ᠍ ᠣᠪᠣᠭ᠎ᠠ ᠪᠦᠦ ᠬᠥᠳᠡᠯᠭᠡ
ᠤᠴᠢᠷ ᠮᠡᠳᠡᠬᠦ ᠦᠭᠡᠢ ᠬᠥᠮᠦᠨ ᠳ᠋ᠦ᠍ ᠤᠭᠤᠴᠠ ᠪᠢᠲᠡᠭᠡᠢ ᠭᠠᠷᠭ᠎ᠠ
ᠤᠬᠠᠭᠠᠨ ᠦᠭᠡᠢ ᠬᠥᠮᠦᠨ ᠳ᠋ᠦ᠍ ᠬᠡᠯᠡᠭᠰᠡᠨ ᠴᠤ᠌ ᠲᠠᠯᠠᠭᠠᠷ
ᠢᠷᠣᠭᠠᠷ ᠦᠭᠡᠢ ᠰᠠᠪᠠᠨ ᠳ᠋ᠤ᠌ ᠬᠢᠭᠰᠡᠨ ᠴᠤ᠌ ᠲᠠᠯᠠᠭᠠᠷ
ᠤᠳᠤᠮ ᠮᠠᠭᠤᠲᠠᠢ ᠤᠯᠠᠭᠠᠨ ᠵᠤᠯᠵᠠᠭ᠎ᠠ
ᠤᠯᠠᠭᠠᠨ ᠲᠠᠬᠢᠶᠠᠨ ᠴᠣᠬᠣᠷ ᠵᠤᠯᠵᠠᠭ᠎ᠠ
ᠤᠴᠠᠷᠠᠮᠠᠭᠴᠠ ᠤᠷᠤᠭᠤᠯ ᠰᠢᠳᠦ
ᠤᠳᠠᠯ ᠦᠭᠡᠢ ᠭᠠᠯ ᠤᠰᠤ
ᠤᠨᠲᠠᠬᠤ ᠶ᠋ᠢᠨ ᠲᠡᠳᠦᠢ ᠵᠢᠷᠭᠠᠯᠠᠩ
ᠢᠳᠡᠬᠦ ᠶ᠋ᠢᠨ ᠲᠡᠳᠦᠢ ᠪᠠᠶᠠᠨ
ᠤᠰᠤ ᠤᠤᠭᠤᠭᠠᠳ ᠰᠢᠲᠦ ᠰᠢᠭᠡᠴᠢᠯᠡᠬᠦ
ᠤᠲᠤᠭ᠎ᠠ ᠦᠨᠦᠷᠲᠦᠭᠡᠳ ᠨᠢᠳᠦ ᠪᠡᠨ ᠠᠷᠴᠢᠪᠠ
