ᠡᠵᠢ ᠲᠡᠢ ᠪᠡᠨ ᠦᠵᠡᠭᠰᠡᠨ ᠲᠡᠷᠡ ᠵᠢᠯ ᠦᠨ ᠨᠠᠭᠠᠳᠤᠮ-ᠪ ᡀᠠᠭᠪᠠᠰᠦ᠋ᠷᠦᠩ-Ижийтэйгээ үзсэн тэр жилийн наадам-Б.Лхагвасүрэн
ᠡᠵᠢ ᠲᠡᠢ ᠪᠡᠨ ᠦᠵᠡᠭᠰᠡᠨ ᠲᠡᠷᠡ ᠵᠢᠯ ᠦ᠋ᠨ ᠨᠠᠭᠠᠳᠤᠮ
ᠪ᠂ ᡀᠨᠨᠨᠪᠠᠰᠦᠷᠦᠩ
ᠡᠵᠢ ᠲᠡᠢ ᠪᠡᠨ ᠦᠵᠡᠭᠰᠡᠨ ᠲᠡᠷᠡ ᠵᠢᠯ ᠦ᠋ᠨ ᠨᠠᠭᠠᠳᠤᠮ ᠴᠡᠴᠡᠭ ᠨᠠᠷᠠ ᠬᠣᠶᠠᠷ ᠲᠤ᠌ ᠪᠠᠨ ᠪᠠᠬᠠᠷᠳᠠᠭᠰᠠᠨ ᠨᠠᠭᠠᠳᠤᠮ ᠡᠵᠢ ᠲᠡᠢ ᠪᠡᠨ ᠦᠵᠡᠭᠰᠡᠨ ᠲᠡᠷᠡ ᠵᠢᠯ ᠦ᠋ᠨ ᠨᠠᠭᠠᠳᠤᠮ ᠰᠢᠬᠢᠷ ᠢᠨᠢᠶᠡᠳᠦ ᠬᠣᠶᠠᠷ ᠲᠤ᠌ ᠪᠠᠨ ᠪᠢᠯᠠᠭᠤᠷᠠᠭᠰᠠᠨ ᠨᠠᠭᠠᠳᠤᠮ ᠨᠠᠭᠠᠳᠤᠮᠴᠢᠳ ᠤ᠋ᠨ ᠵᠤᠯᠠᠢ ᠳᠡᠭᠡᠷ᠎ᠡ ᠨᠠᠷᠠ ᠭᠣᠣᠯᠯᠠᠨ ᠬᠠᠯᠠᠭᠤᠨ ᠪᠠᠢᠭᠰᠠᠨ ᠴᠤ᠌ ᠡᠯᠪᠡᠭ ᠳᠡᠪᠡᠯ ᠰᠢᠭ ᠡᠵᠢ ᠶ᠋ᠢᠨ ᠢ᠋ᠶ᠋ᠡᠨ ᠰᠡᠭᠦᠳᠡᠷ ᠲᠦ᠍ ᠬᠢᠷᠤᠬᠤ ᠳ᠋ᠤ᠌ ᠰᠡᠷᠢᠭᠦᠬᠡᠨ ᠳᠠᠩ ᠡᠮᠵᠢᠶᠡᠷᠢ ᠲᠡᠢ ᠳᠠᠯᠢᠩᠪᠤᠨ ᠳᠡᠪᠡᠯ ᠡᠴᠡ ᠮᠢᠨᠢ ᠳᠠᠪᠤᠤ ᠶ᠋ᠢᠨ ᠦᠨᠦᠷ ᠰᠡᠩᠭᠢᠨᠡᠬᠦ ᠨᠢ ᠳᠠᠩᠴᠤ ᠰᠠᠢᠬᠠᠨ ᠨᠠᠳᠠ ᠰᠢᠭ᠋ ᠭᠣᠶᠣ ᠬᠥᠮᠦᠨ ᠦᠭᠡᠢ ᠲᠡᠷᠡ ᠵᠢᠯ ᠦ᠋ᠨ ᠨᠠᠭᠠᠳᠤᠮ ᠨᠠᠷᠠ ᠬᠤᠷ᠎ᠠ ᠲᠡᠩᠴᠡᠭᠰᠡᠨ ᠲᠡᠷᠡ ᠵᠢᠯ ᠦ᠋ᠨ ᠨᠠᠭᠠᠳᠤᠮ ᠳᠣᠯᠣᠭ᠎ᠠ ᠶ᠋ᠢᠨ ᠳᠠᠪᠠᠭ᠎ᠠ ᠨᠠᠷᠠ ᠬᠡᠪᠡᠢᠯᠭᠡᠨ ᠰᠢᠪᠲᠤᠷᠠᠴᠤ ᠳᠠᠭ᠎ᠠ ᠢᠷᠡᠯ᠎ᠡ ᠭᠡᠰᠡᠨ ᠱᠤᠤᠭᠢᠶᠠᠨ ᠨᠠᠭᠠᠳᠤᠮ ᠤ᠋ᠨ ᠬᠥᠨᠳᠡᠢ ᠶ᠋ᠢ ᠳᠦᠭᠦᠷᠭᠡᠭᠰᠡᠨ ᠰᠠᠨ ᠲᠤᠰᠤᠭᠰᠠᠨ ᠢᠷᠡᠭᠰᠡᠨ ᠬᠣᠶᠠᠷ ᠲᠣᠭᠣᠰᠣ ᠪᠢᠴᠢᠭᠲᠦ ᠶ᠋ᠢᠨ ᠬᠥᠨᠳᠡᠢ ᠳ᠋ᠦ᠍ ᠲᠣᠮᠣᠯᠳᠤᠵᠤ ᠲᠣᠭᠣᠰᠣ ᠲᠣᠭᠣᠰᠣᠨ ᠤ᠋ ᠳᠤᠮᠳᠠ ᠠ᠋ᠴᠠ ᠵᠢᠷᠭᠤᠭᠠᠨ ᠳᠠᠭ᠎ᠠ ᠰᠤᠭᠤᠷᠠᠭᠰᠠᠨ ᠰᠠᠨ ᠬᠣᠰᠢᠭᠤ ᠰᠡᠭᠦᠯ ᠳᠠᠷᠤᠨ ᠬᠣᠭᠣᠷᠣᠨᠳᠣ ᠪᠠᠨ ᠶᠡᠬᠡ ᠣᠢᠷᠠᠬᠠᠨ ᠪᠠᠷᠢᠶᠠᠨ ᠤ᠋ ᠭᠠᠵᠠᠷ ᠪᠠᠷ᠎ᠠ ᠰᠠᠭᠠᠬᠠᠯᠲᠠ ᠶ᠋ᠢᠨ ᠬᠢᠷᠢ ᠲᠡᠢ ᠪᠡᠯᠴᠢᠭᠡᠷ ᠲᠦ᠍ ᠬᠦᠷᠦᠭᠰᠡᠨ ᠨᠢ ᠯᠡ ᠲᠦᠷᠦᠭᠦᠯᠡᠨ᠎ᠡ ᠳᠡ ᠭᠡᠬᠦ ᠰᠠᠨᠠᠭᠠᠷᠬᠠᠯ ᠡᠮᠡᠭᠡᠯ ᠪᠦᠬᠦᠨ ᠳᠡᠭᠡᠷ᠎ᠡ ᠨᠣᠴᠣᠵᠤ ᠪᠠᠢᠬᠤ ᠳ᠋ᠤ᠌ ᠪᠢᠴᠢᠭᠲᠦ ᠶ᠋ᠢᠨ ᠬᠠᠳᠠᠨ ᠤ᠋ ᠰᠦᠭ ᠵᠢᠷᠤᠭ ᠲᠠᠲᠠᠪᠠᠯᠵᠠᠵᠤ ᠪᠠᠢᠬᠤ ᠰᠢᠭ᠋ ᠰᠠᠨᠠᠭᠳᠠᠭᠰᠠᠨ ᠬᠥᠳᠡᠯᠭᠡᠭᠡ ᠦᠭᠡᠢ ᠲᠡᠢ ᠡᠪᠦᠭᠡᠨ ᠤᠶᠠᠭᠠᠴᠢ ᠬᠠᠵᠠᠭᠤ ᠳ᠋ᠤ᠌ ᠪᠠᠢᠭᠰᠠᠨ ᠢ᠋ ᠬᠦᠭᠡᠷᠦᠵᠦ ᠳᠣᠭᠳᠣᠯᠬᠤ ᠳ᠋ᠤ᠌ ᠪᠠᠨ ᠪᠢ ᠠᠩᠵᠠᠭᠠᠷᠠᠭ᠎ᠠ ᠦᠭᠡᠢ ᠪᠠᠢᠵᠤ ᠵᠥᠪ ᠲᠠᠯ᠎ᠠ ᠶ᠋ᠢᠨ ᠳᠥᠷᠦᠭᠡᠨ ᠰᠠᠨᠵᠢ ᠬᠠᠩ ᠬᠢᠯᠭᠡᠨ ᠵᠢᠩᠭᠢᠨᠡᠲᠡᠯ᠎ᠡ ᠦᠦᠷᠰᠡᠨ ᠬᠥᠲᠥᠯᠦᠭᠰᠡᠨ ᠭᠡᠭᠦᠦ ᠨᠢ ᠲᠦᠷᠦᠭᠦᠯᠡᠪᠡ ᠵᠢᠷᠭᠤᠭ᠎ᠠ ᠳ᠋ᠤ᠌ ᠨᠢ ᠶᠠᠪᠤᠭᠰᠠᠨ ᠪᠤᠭᠤᠷᠤᠯ ᠳᠠᠭ᠎ᠠ ᠵᠤᠤᠵᠠᠢ ᠳᠠᠷᠤᠨ ᠢᠨᠴᠠᠭᠠᠭᠰᠠᠨ ᠢ᠋ᠶ᠋ᠠᠨ ᠰᠡᠭᠦᠯ ᠨᠢ ᠭᠣᠳᠣᠢᠵᠤ ᠬᠠᠮᠢᠭ᠎ᠠ ᠠ᠋ᠴᠠ ᠨᠢ ᠭᠠᠷᠤᠭᠰᠠᠨ ᠢᠳᠢ ᠰᠢᠳᠢ ᠨᠢ ᠡᠨᠡ ᠪᠣᠢ ᠭᠡᠯᠲᠡᠢ ᠬᠠᠷ᠎ᠠ ᠬᠤᠷᠳᠤ ᠪᠠᠷ ᠢ᠋ᠶ᠋ᠠᠨ ᠢᠷᠠᠯᠵᠠᠨ ᠪᠠᠷᠢᠶᠠᠨ ᠳ᠋ᠤ᠌ ᠮᠠᠩᠨᠠᠢᠯᠠᠪᠠ ᠬᠥᠯᠥᠰᠥ ᠶ᠋ᠢ ᠨᠢ ᠬᠤᠰᠤᠬᠤ ᠶ᠋ᠢᠨ ᠵᠠᠪ ᠥᠭᠭᠦᠯᠭᠦᠢ ᠬᠥᠬᠥ ᠪᠡᠨ ᠬᠥᠬᠥᠬᠦ ᠭᠡᠵᠦ ᠡᠬᠡ ᠤᠷᠤᠭᠤ ᠪᠠᠨ ᠱᠤᠩᠭᠤᠪᠠ ᠡᠬᠡ ᠶ᠋ᠢᠨ ᠢ᠋ᠶ᠋ᠡᠨ ᠳᠠᠭᠤ ᠶ᠋ᠢ ᠰᠣᠨᠣᠰᠤᠭᠰᠠᠨ ᠢᠰᠬᠡᠯ ᠳᠠᠭ᠎ᠠ ᠰᠤᠮᠤ ᠶᠤᠮ ᠪᠢᠯᠡ ᠢᠩᠭᠢᠳᠡᠭ ᠭᠡᠳᠡᠭ ᠢ᠋ ᠨᠢ ᠮᠡᠳᠡᠳᠡᠭ ᠬᠠᠰᠢᠷ ᠤᠶᠠᠭᠠᠴᠢ ᠨᠤᠮᠤ ᠶᠤᠮ ᠪᠢᠯᠡ ᠡᠵᠢ ᠲᠡᠢ ᠪᠡᠨ ᠦᠵᠡᠭᠰᠡᠨ ᠲᠡᠷᠡ ᠵᠢᠯ ᠦ᠋ᠨ ᠨᠠᠭᠠᠳᠤᠮ ᠴᠡᠴᠡᠭ ᠨᠡᠷ᠎ᠡ ᠬᠣᠶᠠᠷ ᠲᠤ᠌ ᠪᠠᠨ ᠪᠠᠬᠠᠷᠳᠠᠭᠰᠠᠨ ᠨᠠᠭᠠᠳᠤᠮ ᠡᠵᠢ ᠲᠡᠢ ᠪᠡᠨ ᠦᠵᠡᠭᠰᠡᠨ ᠲᠡᠷᠡ ᠵᠢᠯ ᠦ᠋ᠨ ᠨᠠᠭᠠᠳᠤᠮ ᠰᠢᠬᠢᠷ ᠢᠨᠢᠶᠡᠳᠦ ᠬᠣᠶᠠᠷ ᠲᠤ᠌ ᠪᠠᠨ ᠪᠢᠯᠠᠭᠤᠷᠠᠭᠰᠠᠨ ᠨᠠᠭᠠᠳᠤᠮ
