ᠵᠡᠭᠦᠳᠦᠨ ᠬᠠᠢᠯᠠᠩ ᠡᠵᠢ- ᠳ᠋ᠠ‍᠂ ᠡᠩᠬᠡᠵᠤᠯᠠЗүүдэн хайлан ээж үгтэй _ МУГЖ Д.Энхзул ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠡᠭᠦᠳᠦᠨ ᠬᠠᠢᠯᠠᠩ ᠡᠵᠢ- ᠳ᠋ᠠ‍᠂ ᠡᠩᠬᠡᠵᠤᠯᠠЗүүдэн хайлан ээж үгтэй _ МУГЖ Д.Энхзул

ᠵᠡᠭᠦᠳᠦᠨ ᠬᠠᠢᠯᠠᠩ ᠡᠵᠢ- ᠳ᠋ᠠ‍᠂ ᠡᠩᠬᠡᠵᠤᠯᠠЗүүдэн хайлан ээж үгтэй _ МУГЖ Д.Энхзул

ᠠᠩᠭᠢᠯᠠᠯ:ᠳᠠᠭᠤᠤ ᠬᠥᠭᠵᠢᠮ
2023-09-20

310

ᠵᠡᠭᠦᠳᠦᠨ ᠬᠠᠢᠯᠠᠩ ᠡᠵᠢ

   ᠦᠭᠡ ᠄ ᠰ᠂ ᠷᠢᠨᠴᠢᠨᠳᠣᠷᠵᠢ 
   ᠠᠶ᠎ᠠ ᠂ ᠪᠠ‍᠂ ᠴᠠᠷᠠᠩᠳᠣᠷᠵᠢ 
   ᠳᠠᠭᠤᠴᠢᠨ᠄ ᠳ᠋ᠠ‍᠂ ᠡᠩᠬᠡᠵᠤᠯᠠ 
ᠯᠠᠪᠠᠢ ᠴᠠᠭᠠᠨ ᠰᠤᠳᠠᠢ ᠳ᠋ᠤ᠌ ᠪᠠᠨ ᠵᠤᠰᠠᠬᠤ ᠳ᠋ᠤ᠌ 
ᠯᠠ ᠶ᠋ᠢᠨ ᠵᠡᠭᠦᠷᠮᠡᠭ ᠭᠡᠷᠡᠯ ᠴᠢᠬᠢ ᠶᠠᠭᠠᠬᠢᠬᠤᠪ ᠳᠠ 
ᠯᠠᠭᠱᠠᠨ ᠲᠤᠩᠭᠠᠯᠠᠭ ᠡᠵᠢ ᠶ᠋ᠢ ᠪᠡᠨ ᠪᠠᠢᠬᠤ ᠳ᠋ᠤ᠌ 
ᠯᠠᠨ ᠢ᠋ᠶ᠋ᠠᠷ ᠤᠷᠠᠯᠠᠭᠰᠠᠨ ᠡᠷᠳᠡᠨᠢ ᠴᠢᠬᠢ ᠶᠠᠭᠠᠮᠠᠢ ᠰᠢᠦ ᠳᠡ 
ᠵᠦᠰᠡᠷ ᠴᠠᠭᠠᠨ ᠰᠤᠳᠠᠢ ᠳ᠋ᠤ᠌ ᠪᠠᠨ ᠣᠴᠢᠶ᠎ᠠ ᠠ᠋ 
ᠵᠦᠢᠯ ᠦ᠋ᠨ ᠭᠣᠣᠯ ᠮᠡᠯᠮᠡᠷᠡᠵᠦ ᠯᠡ ᠪᠠᠢᠭ᠎ᠠ ᠳᠠ 
ᠵᠡᠭᠦᠳᠦᠨ ᠬᠠᠢᠯᠠᠨ ᠡᠵᠢ ᠳ᠋ᠦ᠍ ᠪᠡᠨ ᠵᠣᠯᠭᠠᠶ᠎ᠠ ᠳᠠ 
ᠵᠦᠭ ᠦ᠋ᠨ ᠲᠡᠭᠷᠢ ᠰᠢᠷᠲᠡᠩᠬᠡᠨ ᠰᠠᠭᠤᠭ᠎ᠠ ᠳᠠ 

ᠭᠡᠷᠡᠯᠲᠦ ᠴᠠᠭᠠᠨ ᠰᠤᠳᠠᠢ ᠳ᠋ᠤ᠌ ᠪᠠᠨ ᠵᠤᠰᠠᠬᠤ ᠳ᠋ᠤ᠌
ᠭᠡᠭᠡᠨ ᠲᠠᠩᠰᠤᠭ ᠠᠮᠠᠷᠠᠯᠲᠠ ᠴᠢᠬᠢ ᠶᠠᠭᠠᠬᠢᠬᠤᠪ ᠳᠠ
ᠭᠠᠭᠴᠠᠬᠠᠨ ᠵᠠᠶᠠᠭᠠᠭᠰᠠᠨ ᠡᠵᠢ ᠶ᠋ᠢ ᠪᠡᠨ ᠪᠠᠢᠬᠤ ᠳ᠋ᠤ᠌
ᠭᠠᠩᠭᠠᠯᠠᠵᠤ ᠤᠷᠠᠯᠠᠭᠰᠠᠨ ᠡᠷᠳᠡᠨᠢ ᠴᠢᠬᠢ ᠶᠠᠭᠠᠮᠠᠢ ᠰᠢᠦ ᠳᠡ
ᠵᠦᠰᠡᠷ ᠴᠠᠭᠠᠨ ᠰᠤᠳᠠᠢ ᠳ᠋ᠤ᠌ ᠪᠠᠨ ᠣᠴᠢᠶ᠎ᠠ ᠠ᠋
ᠵᠦᠢᠯ ᠦ᠋ᠨ ᠭᠣᠣᠯ ᠮᠡᠯᠮᠡᠷᠡᠵᠦ ᠯᠡ ᠪᠠᠢᠭ᠎ᠠ ᠳᠠ
ᠵᠡᠭᠦᠳᠦᠨ ᠬᠠᠢᠯᠠᠨ ᠡᠵᠢ ᠳ᠋ᠦ᠍ ᠪᠡᠨ ᠵᠣᠯᠭᠠᠶ᠎ᠠ ᠳᠠ
ᠵᠦᠭ ᠦ᠋ᠨ ᠲᠡᠭᠷᠢ ᠰᠢᠷᠲᠡᠩᠭᠡᠨ ᠰᠠᠭᠤᠭ᠎ᠠ ᠳᠠ

ᠲᠤᠩ ᠴᠠᠭᠠᠨ ᠰᠤᠳᠠᠢ ᠳ᠋ᠤ᠌ ᠪᠠᠨ ᠵᠤᠰᠠᠬᠤ ᠳ᠋ᠤ᠌
ᠳᠠᠭᠤ ᠠᠯᠳᠠᠮ᠎ᠠ ᠬᠠᠩᠭᠠᠢ ᠴᠢᠬᠢ ᠶᠠᠭᠠᠬᠢᠬᠤᠪ ᠳᠠ
ᠳᠠᠭᠤᠳᠠᠬᠤ ᠰᠠᠢᠬᠠᠨ ᠡᠵᠢ ᠶ᠋ᠢ ᠪᠡᠨ ᠪᠠᠢᠬᠤ ᠳ᠋ᠤ᠌
ᠳᠤᠲᠠᠬᠤ ᠭᠠᠩᠰᠠᠷᠠᠬᠤ ᠴᠤ᠌ ᠭᠡᠵᠦ ᠦᠭᠡᠢ ᠰᠢᠦ ᠳᠡ
ᠵᠦᠰᠡᠷ ᠴᠠᠭᠠᠨ ᠰᠤᠳᠠᠢ ᠳ᠋ᠤ᠌ ᠪᠠᠨ ᠣᠴᠢᠶ᠎ᠠ ᠠ᠋
ᠵᠦᠢᠯ ᠦ᠋ᠨ ᠭᠣᠣᠯ ᠮᠡᠯᠮᠡᠷᠡᠵᠦ ᠯᠡ ᠪᠠᠢᠭ᠎ᠠ ᠳᠠ
ᠵᠡᠭᠦᠳᠦᠨ ᠬᠠᠢᠯᠠᠨ ᠡᠵᠢ ᠳ᠋ᠦ᠍ ᠪᠡᠨ ᠵᠣᠯᠭᠠᠶ᠎ᠠ ᠳᠠ
ᠵᠦᠭ ᠦ᠋ᠨ ᠲᠡᠭᠷᠢ ᠰᠢᠷᠲᠡᠩᠬᠡᠨ ᠰᠠᠭᠤᠭ᠎ᠠ ᠳᠠ
ᠵᠡᠭᠦᠳᠦᠨ ᠬᠠᠢᠯᠠᠨ ᠡᠵᠢ ᠳ᠋ᠦ᠍ ᠪᠡᠨ ᠵᠣᠯᠭᠠᠶ᠎ᠠ ᠳᠠ
ᠵᠦᠭ ᠦ᠋ᠨ ᠲᠡᠭᠷᠢ ᠰᠢᠷᠲᠡᠩᠭᠡᠨ ᠰᠠᠭᠤᠭ᠎ᠠ ᠳᠠ
ᠡᠵᠢ ᠠ᠋

   ᠦᠰᠦᠭ ᠠᠮᠢᠯᠠᠭᠤᠯᠤᠭᠰᠠᠨ ᠨᠢ ᠄ ᠭᠠᠸᠠ
   ᠦᠰᠦᠭ ᠬᠠᠲᠠᠭᠰᠠᠨ ᠨᠢ ᠄ ᠭᠠᠸᠠ
   ᠦᠰᠦᠭ ᠬᠢᠨᠠᠭᠴᠢ ᠄ ᠢᠷᠡᠭᠡᠳᠦᠢ