《 ᠠᠮᠢᠨ ᠴᠢᠬᠤᠯᠠ 》 ᠮᠠᠰᠢᠨ – ᠳᠣᠵᠣᠭᠣᠳᠣᠷᠵᠢ 《 Амин чухал 》 машин – Тозгодорж
《 ᠠᠮᠢᠨ ᠴᠢᠬᠤᠯᠠ 》 ᠮᠠᠰᠢᠨ
( ᠬᠣᠱᠣᠩ ᠥᠭᠦᠯᠡᠯᠭᠡ)
ᠲᠣᠺᠠᠷᠢᠴᠢᠨ(1) ᠭᠠᠩᠪᠣᠯᠣᠳ ᠶᠠᠮᠠᠷ ᠴᠦ᠍ ᠳ᠋ᠧᠲ᠋ᠠᠯᠢ( ᠰᠡᠯᠪᠢᠭᠡᠰᠦ) ᠵᠣᠷᠣᠵᠣ ᠪᠣᠯᠬᠤᠢᠴᠠ ᠠᠪᠰᠠᠷᠬᠠᠨ ᠰᠠᠤᠷᠢ ᠮᠠᠰᠢᠨ ᠤ᠋ ᠵᠢᠷᠤᠭ ᠬᠢᠭᠡᠳ ᠳᠠᠷᠤᠭ᠎ᠠ ᠳ᠋ᠠᠭᠠᠨ ᠦᠵᠡᠭᠦᠯᠪᠡ᠃
ᠦᠢᠯᠡᠳᠪᠦᠷᠢ ᠶ᠋ᠢᠨ ᠳᠠᠷᠤᠭ᠎ᠠ ᠨᠡᠯᠢᠶᠡᠳ ᠬᠠᠷᠠᠵᠤ ᠰᠠᠭᠤᠭᠰᠠᠨ ᠢ᠋ᠶ᠋ᠠᠨ᠄
— ᠴᠢ ᠶᠣᠰᠣᠲᠠᠢ ᠤᠬᠠᠭᠠᠨ ᠲᠠᠢ ᠬᠦᠦ ᠪᠠᠢᠨ᠎ᠠ᠂ ᠮᠠᠨ ᠤ᠋ ᠦᠢᠯᠡᠳᠪᠦᠷᠢ ᠳ᠋ᠦ᠍ ᠴᠣᠬᠣᠮ ᠠᠮᠢᠨ ᠴᠢᠬᠤᠯᠠ ᠮᠠᠰᠢᠨ ᠰᠠᠨᠠᠭᠠᠴᠢᠯᠠᠭᠰᠠᠨ ᠪᠠᠢᠨ᠎ᠠ᠃ ᠶᠡᠬᠡᠬᠡᠨ ᠠᠰᠢᠭᠲᠠᠢ ᠮᠠᠰᠢᠨ ᠪᠣᠯᠬᠤ ᠠ᠋᠃
— ᠪᠣᠯᠤᠮᠠᠷ ᠪᠠᠢᠨ᠎ᠠ ᠤᠤ?
— ᠪᠣᠯᠬᠤ ᠪᠠᠷ ᠪᠠᠷᠠᠬᠤ ᠤᠤ᠂ ᠨᠠᠷᠢᠨ ᠭᠠᠷᠭᠠᠭᠰᠠᠨ ᠪᠠᠢᠨ᠎ᠠ᠃
— ᠣᠳᠣ ᠶᠠᠭᠠᠬᠢᠬᠤ ᠪᠣᠢ ᠳᠠᠷᠤᠭ᠎ᠠ ᠠ᠋?
— ᠵᠣᠬᠢᠶᠠᠨ ᠪᠦᠲᠦᠭᠡᠬᠦ ᠲᠣᠪᠴᠢᠶᠠᠨ ᠤ᠋ ᠳᠠᠷᠤᠭ᠎ᠠ ᠳ᠋ᠤ᠌ ᠦᠵᠡᠭᠦᠯᠵᠦ᠂ ᠲᠡᠭᠡᠭᠰᠡᠨ ᠦ᠌ ᠳᠠᠷᠠᠭ᠎ᠠ ᠨᠢᠭᠡᠮᠦᠰᠦᠨ ᠰᠢᠢᠳᠦᠶ᠎ᠡ᠃ ᠪᠢ ᠡᠢᠮᠦ ᠰᠠᠨᠠᠭᠠᠴᠢᠯᠠᠭ᠎ᠠ ᠶ᠋ᠢ ᠪᠦᠬᠦ ᠲᠠᠯ᠎ᠠ ᠪᠠᠷ ᠳᠡᠮᠵᠢᠨ᠎ᠡ ᠭᠡᠳ ᠳᠠᠷᠤᠭ᠎ᠠ ᠪᠠᠶᠠᠷ ᠬᠦᠷᠭᠡᠪᠡ᠃ ᠭᠠᠩᠪᠣᠯᠣᠳ ᠵᠣᠬᠢᠶᠠᠨ ᠪᠦᠲᠦᠭᠡᠬᠦ ᠲᠣᠪᠴᠢᠶᠠᠨ ᠤ᠋ ᠳᠠᠷᠤᠭ᠎ᠠ ᠶ᠋ᠢ ᠨᠢᠭᠡ ᠡᠳᠦᠷ ᠡᠷᠢᠵᠦ ᠪᠠᠢᠵᠤ ᠮᠠᠰᠢᠨ ᠤ᠋ ᠪᠠᠨ ᠵᠢᠷᠤᠭ ᠢ᠋ ᠠᠳᠬᠤᠭᠤᠯᠵᠤ ᠠᠮᠵᠢᠪᠠ᠃ ᠵᠠᠬᠢᠷᠤᠨ ᠪᠦᠲᠦᠭᠡᠬᠦ ᠲᠣᠪᠴᠢᠶᠠᠨ ᠤ᠋ ᠳᠠᠷᠤᠭ᠎ᠠ ᠴᠠᠭ ᠬᠢᠷᠢᠲᠡᠢ ᠲᠠᠨᠢᠯᠴᠠᠵᠤ ᠰᠠᠭᠤᠭᠰᠠᠨ ᠢ᠋ᠶ᠋ᠠᠨ᠄
— ᠡᠨᠡᠭᠦᠬᠡᠨ ᠢ᠋ ᠭᠠᠭᠴᠠᠭᠠᠷ ᠢ᠋ᠶ᠋ᠠᠨ ᠵᠢᠷᠤᠯ᠎ᠠ ᠭᠡᠵᠢ ᠤᠤ?
— ᠲᠡᠢᠮᠦтмс(2) ᠳ᠋ᠦ᠍ ᠪᠠᠢᠬᠤ ᠠ᠋ᠴᠠ ᠡᠬᠢᠯᠡᠭᠡᠳ ᠣᠷᠣᠯᠳᠣᠭᠰᠠᠨ ᠶᠤᠮ᠃
— ᠮᠠᠨ ᠤ᠋ ᠦᠢᠯᠡᠳᠪᠦᠷᠢ ᠳ᠋ᠦ᠍ ᠪᠦᠷᠢ ᠠᠮᠢᠨ ᠴᠢᠬᠤᠯᠠ ᠬᠡᠷᠡᠭᠲᠡᠢ ᠮᠠᠰᠢᠨ ᠵᠣᠷᠢᠭᠰᠠᠨ ᠪᠠᠢᠨ᠎ᠠ᠂ ᠬᠡᠨ ᠦ᠌ ᠴᠦ᠍ ᠲᠣᠯᠣᠭᠠᠢ ᠳ᠋ᠤ᠌ ᠣᠷᠣᠭ᠎ᠠ ᠦᠭᠡᠢ᠂ ᠬᠡᠨ ᠴᠦ᠍ ᠰᠠᠨᠠᠵᠤ ᠰᠡᠳᠦᠭᠡ ᠦᠭᠡᠢ ᠡᠢᠮᠦ ᠮᠠᠰᠢᠨ ᠪᠦᠲᠦᠭᠡᠨ᠎ᠡ ᠭᠡᠳᠡᠭ ᠴᠢᠨᠢ ᠮᠥᠨ ᠬᠣᠪᠣᠷ ᠲᠣᠬᠢᠶᠠᠯᠳᠤᠯ ᠰᠢᠦ ᠰᠡᠷᠭᠦᠯᠡᠩ ᠲᠣᠯᠣᠭᠠᠢ ᠲᠠᠢ ᠵᠠᠯᠠᠭᠤ ᠶᠤᠮ᠃
— ᠣᠳᠣ ᠶᠠᠭᠠᠬᠢᠬᠤ ᠪᠣᠢ ᠳᠠᠷᠤᠭ᠎ᠠ ᠠ᠋?
— ᠣᠳᠣ ᠤᠤ? ᠶᠡᠷᠦᠩᠬᠡᠢ ᠮᠧᠬᠠᠨᠢᠭᠴᠢ ᠳ᠋ᠤ᠌ ᠲᠠᠨᠢᠯᠴᠠᠭᠤᠯ᠃ ᠴᠠᠭᠠᠳᠤᠬᠢ ᠴᠢᠨᠢ ᠡᠴᠦᠰ ᠦ᠋ᠨ ᠰᠢᠢᠳᠪᠦᠷᠢ ᠥᠭᠬᠦ ᠶᠣᠰᠣᠲᠠᠢ᠃ ᠪᠢ ᠬᠤᠪᠢ ᠳ᠋ᠠᠭᠠᠨ ᠳᠡᠮᠵᠢᠵᠦ ᠪᠠᠢᠨ᠎ᠠ ᠭᠡᠪᠡ᠃ ᠭᠠᠩᠪᠣᠯᠣᠳ ᠶᠡᠷᠦᠩᠬᠡᠢ ᠮᠧᠬᠠᠨᠢᠭᠴᠢ ᠶ᠋ᠢ ᠬᠣᠶᠠᠷ ᠡᠳᠦᠷ ᠲᠤᠷᠰᠢ ᠡᠷᠢᠵᠦ ᠪᠠᠢᠵᠤ ᠺᠣᠨᠲ᠋ᠣᠷ ᠲᠠᠭᠠᠨ ᠣᠷᠣᠬᠤ ᠳ᠋ᠤᠨᠢ ᠵᠢᠷᠤᠭ ᠢ᠋ᠶ᠋ᠠᠨ ᠥᠭᠴᠡᠢ᠃ ᠶᠡᠷᠦᠩᠬᠡᠢ ᠮᠧᠬᠠᠨᠢᠭᠴᠢ ᠪᠤᠰᠤᠳ ᠢ᠋ ᠪᠣᠳᠣᠪᠠᠯ ᠨᠡᠯᠢᠶᠡᠳ ᠲᠤᠬᠠᠯᠠᠵᠤ ᠨᠠᠷᠢᠪᠴᠢᠯᠠᠨ ᠲᠤᠩᠭᠠᠭᠠᠳ ᠡᠴᠦᠰ ᠲᠦ᠋ᠨᠢ ᠭᠠᠩᠪᠣᠯᠣᠳ ᠲᠤ ᠪᠠᠶᠠᠷ ᠬᠦᠷᠭᠡᠵᠦ ᠭᠠᠷ ᠪᠠᠷᠢᠯ᠎ᠠ᠃
— ᠮᠠᠨ ᠤ᠋ ᠦᠢᠯᠡᠳᠪᠦᠷᠢ ᠳ᠋ᠦ᠍ ᠪᠦᠷ ᠠᠮᠢ ᠰᠢᠭ᠋ ᠬᠡᠷᠡᠭᠲᠡᠢ ᠮᠠᠰᠢᠨ ᠪᠦᠲᠦᠭᠡᠭᠰᠡᠨ ᠪᠠᠢᠨ᠎ᠠ᠃ ᠡᠭᠦᠨ ᠢ᠋ ᠬᠢᠭᠡᠳ ᠲᠠᠯᠪᠢᠴᠢᠬᠠᠭᠰᠠᠨ ᠪᠠᠢᠬᠤ ᠳ᠋ᠤ᠌ ᠴᠢшбос(3) ᠤ᠋ ᠦᠵᠡᠰᠬᠦᠯᠡᠩ ᠦ᠋ᠨ ᠠᠯᠲᠠᠨ ᠮᠧᠳ᠋ᠠᠯ ᠳᠠᠭᠤ ᠦᠭᠡᠢ ᠠᠪᠤᠨ᠎ᠠ᠂ ᠶᠣᠰᠣᠲᠠᠢ ᠨᠢᠭᠡ ᠲᠣᠯᠣᠭᠠᠢ ᠲᠠᠢ ᠲᠥᠷᠥᠭᠰᠡᠨ ᠬᠡᠦᠬᠡᠳ ᠶᠦᠮ᠃
— ᠡᠨᠡ ᠮᠠᠰᠢᠨ ᠢ᠋ ᠬᠢᠯᠭᠡᠵᠦ ᠪᠣᠯᠬᠤ ᠤᠤ?
— ᠪᠣᠯᠬᠤ ᠪᠠᠷ ᠦᠯᠦ ᠪᠠᠷᠠᠮ ᠶᠠᠭᠠᠷᠠᠯᠲᠠᠢ ᠬᠢᠯᠭᠡᠨ᠎ᠡ᠃ ᠪᠢᠳᠡᠨ ᠦ᠌ ᠶᠠᠷᠢᠶᠠᠨ ᠳ᠋ᠤ᠌ ᠪᠠᠢᠭ᠎ᠠ ᠥᠨᠥᠬᠢ ᠰᠢᠨ᠎ᠡ ᠰᠠᠨᠠᠭᠠᠴᠢᠯᠠᠭ᠎ᠠ ᠲᠡᠷᠢᠭᠦᠨ ᠲᠤᠷᠰᠢᠯᠭ᠎ᠠ ᠭᠡᠳᠡᠭ ᠡᠨᠡ ᠰᠢᠦ ᠳᠡ᠃ ᠡᠭᠦᠨ ᠢ᠋ ᠳᠡᠮᠵᠢᠬᠦ ᠦᠭᠡᠢ ᠬᠥᠮᠦᠨ ᠬᠠᠮᠢᠭ᠎ᠠ ᠨᠢ ᠴᠦ᠍ ᠪᠠᠢᠬᠤ ᠦᠭᠡᠢ᠃
— ᠡᠨᠡ ᠵᠢᠷᠤᠭ ᠢ᠋ᠶ᠋ᠠᠨ ᠲᠠᠨ ᠳ᠋ᠤ᠌ ᠣᠷᠬᠢᠬᠤ ᠤᠤ᠂ ᠶᠠᠭᠠᠬᠢᠬᠤ ᠪᠣᠢ?
— ᠶᠡᠷᠦᠩᠬᠡᠢ ᠢᠨᠵᠧᠨᠧᠷ ᠲᠦ ᠲᠠᠨᠢᠯᠴᠠᠭᠤᠯ᠂ ᠲᠡᠷᠡ ᠯᠠ ᠡᠴᠦᠰ ᠦ᠋ᠨ ᠰᠢᠢᠳᠪᠦᠷᠢ ᠥᠭᠭᠦᠨ᠎ᠡ᠃ ᠲᠡᠷᠡ ᠳᠡᠮᠵᠢᠬᠦ ᠶᠣᠰᠣᠲᠠᠢ᠂ ᠪᠢᠳᠡ ᠪᠦᠭᠦᠳᠡᠭᠡᠷ ᠢ᠋ᠶ᠋ᠡᠨ ᠳᠡᠮᠵᠢᠨ᠎ᠡ᠃ ᠴᠢ ᠡᠭᠦᠨ ᠢ᠋ ᠠᠩᠬᠠᠯᠠᠨ ᠰᠠᠨᠠᠭᠠᠴᠢᠯᠠᠭᠰᠠᠨ ᠢ᠋ᠶ᠋ᠠᠷ ᠢ᠋ᠶ᠋ᠠᠨ ᠲᠥᠷᠥ ᠶ᠋ᠢᠨ ᠱᠠᠩᠨᠠᠯ ᠴᠦ᠍ ᠬᠦᠷᠲᠡᠵᠦ ᠮᠡᠳᠡᠨ᠎ᠡ ᠭᠡᠵᠦ ᠮᠠᠭᠲᠠᠪᠠ᠃ ᠭᠠᠩᠪᠣᠯᠣᠳ ᠶᠡᠷᠦᠩᠬᠡᠢ ᠢᠨᠵᠧᠨᠧᠷ ᠢ᠋ ᠭᠤᠷᠪᠠᠨ ᠡᠳᠦᠷ ᠳᠠᠷᠠᠭᠠᠯᠠᠨ ᠵᠣᠭᠰᠣᠭ᠎ᠠ ᠵᠠᠢ ᠦᠭᠡᠢ ᠡᠷᠢᠭᠰᠡᠨ ᠦ᠌ ᠬᠦᠴᠦ ᠪᠡᠷ ᠠᠷᠠᠢᠬᠠᠨ ᠪᠠᠷ᠎ᠠ ᠶ᠋ᠢ ᠨᠢ ᠬᠠᠷᠠᠵᠤ ᠵᠢᠷᠤᠭ ᠢ᠋ᠶ᠋ᠠᠨ ᠥᠭᠭᠦᠯ᠎ᠡ᠃ ᠶᠡᠷᠦᠩᠬᠡᠢ ᠢᠨᠵᠧᠨᠧᠷ ᠪᠠᠷᠤᠭ ᠪᠦᠲᠦᠨ ᠡᠳᠦᠷ ᠰᠢᠬᠠᠭᠤ ᠵᠢᠷᠤᠭ ᠲᠠᠢ ᠲᠠᠨᠢᠯᠴᠠᠭᠠᠳ᠄
— ᠮᠠᠨ ᠤ᠋ ᠦᠢᠯᠡᠳᠪᠦᠷᠢ ᠳ᠋ᠦ᠍ ᠤᠰᠤ ᠠᠭᠠᠷ ᠰᠢᠭ᠋ ᠠᠮᠢᠨ ᠴᠢᠬᠤᠯᠠ ᠮᠠᠰᠢᠨ ᠢ᠋ ᠰᠠᠨᠠᠭᠠᠴᠢᠯᠠᠭᠰᠠᠨ ᠪᠠᠢᠨ᠎ᠠ᠃ ᠴᠢᠨᠦ ᠲᠣᠯᠣᠭᠠᠢ ᠪᠣᠯ ᠶᠣᠰᠣᠲᠠᠢ ᠰᠢᠨᠵᠢᠯᠡᠬᠦ ᠤᠬᠠᠭᠠᠨ ᠲᠸᠬᠨᠢᠭ ᠦ᠋ᠨ ᠬᠤᠪᠢᠰᠬᠠᠯ ᠤ᠋ᠨ ᠡᠷᠡᠨ ᠦᠶ᠎ᠡ ᠳ᠋ᠦ᠍ ᠲᠥᠷᠥᠭᠰᠡᠨ ᠲᠣᠯᠣᠭᠠᠢ ᠮᠥᠨ ᠪᠠᠢᠨ᠎ᠠ᠃ ᠡᠢᠮᠦ ᠮᠠᠰᠢᠨ ᠢ᠋ ᠭᠠᠳᠠᠨ᠎ᠠ ᠠ᠋ᠴᠠ ᠵᠠᠬᠢᠶᠠᠯᠠᠪᠠᠯ ᠯᠠᠪ ᠯᠠ ᠠᠷᠪᠠᠨ ᠲᠦᠮᠡᠨ ᠲᠥᠭᠥᠷᠢᠭ ᠡᠴᠡ ᠨᠠᠭᠠᠰᠢ ᠲᠤᠰᠬᠤ ᠦᠭᠡᠢ ᠳᠡ᠂ ᠭᠠᠩᠪᠣᠯᠣᠳ ᠠ᠋᠂ ᠬᠠᠯᠠᠭᠤᠨ ᠪᠠᠶᠠᠷ ᠬᠦᠷᠭᠡᠶ᠎ᠡ᠃
— ᠪᠠᠶᠠᠷᠯᠠᠯ᠎ᠠ᠂ ᠡᠨᠡ ᠮᠠᠰᠢᠨ ᠢ᠋ ᠬᠢᠯᠭᠡᠵᠦ ᠥᠭᠬᠦ ᠤᠤ?
— ᠬᠢᠯᠭᠡᠨ᠎ᠡ᠂ ᠶᠠᠭᠠᠷᠠᠯᠲᠠᠢ ᠬᠢᠯᠭᠡᠭᠡᠳ ᠢᠳᠢ ᠰᠢᠳᠢ ᠶ᠋ᠢ ᠨᠢ ᠬᠠᠷᠠᠬᠤ ᠶᠣᠰᠣᠲᠠᠢ᠃
— ᠣᠳᠣ ᠶᠠᠭᠠᠬᠢᠬᠤ ᠪᠣᠢ?
— ᠲᠸᠬᠨᠢᠭ ᠦ᠋ᠨ ᠵᠥᠪᠯᠡᠯ ᠦ᠋ᠨ ᠬᠤᠷᠠᠯ ᠣᠷᠣᠭᠤᠯᠵᠤ ᠨᠢᠭᠡᠮᠦᠰᠦᠨ ᠰᠢᠢᠳᠦᠨ᠎ᠡ᠃ ᠴᠢ ᠬᠤᠷᠠᠯ ᠳ᠋ᠤ᠌ ᠥᠪᠡᠷ ᠢ᠋ᠶ᠋ᠡᠨ ᠵᠠᠪᠠᠯ ᠰᠠᠭᠤᠨ᠎ᠠ ᠰᠢᠦ ᠭᠡᠳ ᠳᠠᠬᠢᠨ ᠪᠠᠶᠠᠷ ᠬᠦᠷᠭᠡᠪᠡ᠃
ᠭᠠᠩᠪᠣᠯᠣᠳ ᠢ᠋ ᠲᠸᠬᠨᠢᠭ ᠦ᠋ᠨ ᠵᠥᠪᠯᠡᠯ ᠦ᠋ᠨ ᠬᠤᠷᠠᠯ ᠬᠦᠯᠢᠶᠡᠭᠰᠡᠭᠡᠷ ᠪᠠᠢᠲᠠᠯ᠎ᠠ ᠬᠠᠭᠠᠰ ᠵᠢᠯ ᠴᠦ᠍ ᠥᠩᠭᠡᠷᠡᠯ᠎ᠡ᠃ ᠴᠡᠷᠢᠭ ᠲᠤ ᠶᠠᠪᠤᠬᠤ ᠴᠦ᠍ ᠪᠣᠯᠤᠯ᠎ᠠ᠃ ᠴᠠᠭ ᠮᠥᠴᠡ ᠭᠡᠳᠡᠭ ᠫᠤᠤᠵᠢᠩ ᠰᠢᠭ᠋ ᠨᠢᠰᠦᠨ ᠥᠩᠭᠡᠷᠡᠳᠡᠭ ᠶᠦ᠍ᠮ᠂ ᠬᠣᠢᠨ᠎ᠠ ᠨᠢᠭᠡ ᠮᠡᠳᠡᠬᠦ ᠳ᠋ᠦ᠍ ᠭᠠᠩᠪᠣᠯᠣᠳ ᠤ᠋ᠨ ᠴᠡᠷᠢᠭ ᠦ᠋ᠨ ᠬᠤᠭᠤᠴᠠᠭ᠎ᠠ ᠳᠠᠭᠤᠰᠴᠤ ᠬᠠᠯᠠᠭᠳᠠᠬᠤ ᠪᠣᠯᠪᠠ᠃
ᠭᠠᠩᠪᠣᠯᠣᠳ ᠴᠡᠷᠢᠭ ᠡᠴᠡ ᠬᠠᠯᠠᠭᠳᠠᠭᠰᠠᠨ ᠡᠳᠦᠷ ᠢ᠋ᠶ᠋ᠡᠨ ᠶᠡᠷᠦᠩᠬᠡᠢ ᠢᠨᠵᠧᠨᠧᠷ ᠲᠡᠢ ᠪᠡᠨ ᠠᠭᠤᠯᠵᠠᠵᠤ ᠮᠠᠰᠢᠨ ᠢ᠋ᠶ᠋ᠠᠨ ᠠᠰᠠᠭᠤᠪᠠᠯ ᠣᠷᠣ ᠲᠠᠭ ᠮᠠᠷᠲᠠᠴᠠᠬᠠᠭᠰᠠᠨ ᠰᠠᠭᠤᠵᠤ ᠪᠠᠢᠵᠠᠢ᠃ ᠲᠡᠭᠡᠬᠦ ᠪᠡᠷ ᠨᠢ ᠭᠠᠩᠪᠣᠯᠣᠳ《 ᠲᠡᠢᠮᠦ ᠠᠮᠢᠨ ᠴᠢᠬᠤᠯᠠ ᠬᠡᠷᠡᠭ ᠲᠡᠢ ᠮᠠᠰᠢᠨ ᠵᠢᠷᠤᠭ ᠠᠯᠠᠭ᠎ᠠ ᠪᠣᠯᠬᠤ ᠶᠣᠰᠣ ᠦᠭᠡᠢ》 ᠭᠡᠵᠦ ᠶᠡᠷᠦᠩᠬᠡᠢ ᠢᠨᠵᠧᠨᠧᠷ ᠪᠦᠲᠦᠨ ᠡᠳᠦᠷ ᠦ᠋ᠨ ᠲᠤᠷᠰᠢ ᠪᠠᠢᠳᠠᠭ ᠰᠠᠪᠠ ᠰᠠᠭᠤᠯᠠᠭ᠎ᠠ᠂ ᠪᠢᠴᠢᠭ ᠳᠠᠩᠰᠠ ᠪᠠᠨ ᠠᠭᠤᠳᠠᠯᠤᠭᠠᠳ ᠲᠡᠷᠡ《 ᠠᠮᠢᠨ ᠴᠢᠬᠤᠯᠠ》 ᠮᠠᠰᠢᠨ ᠤ᠋ ᠠ᠋ᠴᠠ ᠪᠠᠨ ᠵᠢᠷᠤᠭ ᠢ᠋ ᠣᠯᠤᠭᠰᠠᠨ ᠦᠭᠡᠢ᠃
– – – –
(1) ᠰᠠᠤᠷᠢ ᠮᠠᠰᠢᠨ ᠢᠶᠠᠷ ᠲᠡᠮᠦᠷ ᠵᠣᠷᠳᠠᠭ ᠬᠥᠮᠥᠨ
(2) ᠲᠸᠬᠡᠨᠢᠭ ᠮᠡᠷᠭᠡᠵᠢᠯ ᠦᠨ ᠰᠤᠷᠭᠠᠭᠤᠯᠢ
(3) ᠰᠢᠨ᠎ᠡ ᠪᠦᠲᠦᠭᠡᠯ᠂ ᠣᠨᠣᠪᠴᠢᠲᠠᠢ ᠰᠠᠨᠠᠯ
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ
ᠬᠢᠨᠠᠭ᠍ᠴᠢ : ᠲᠤᠭᠴᠢ ᠰᠠᠷᠠᠨ᠎ᠠ
