ᠬᠠᠢᠷ᠎ᠠ ᠶᠢᠨ ᠳᠣᠮᠣᠭ-ᠰ ∙ ᠲᠩᠷᠢ-《ᠲᠠᠮᠠᠭ᠎ᠠ ᠦᠭᠡᠢ ᠲᠥᠷᠥ》 ᠮᠣᠩᠭᠣᠯ ᠵᠦᠴᠦᠭᠡ ᠶᠢᠨ ᠳᠠᠭᠤᠤThe Legend of Love Singer_ Tengger Хайрын Домог Дуучин С.Тэнгэр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠢᠷ᠎ᠠ ᠶᠢᠨ ᠳᠣᠮᠣᠭ-ᠰ ∙ ᠲᠩᠷᠢ-《ᠲᠠᠮᠠᠭ᠎ᠠ ᠦᠭᠡᠢ ᠲᠥᠷᠥ》 ᠮᠣᠩᠭᠣᠯ ᠵᠦᠴᠦᠭᠡ ᠶᠢᠨ ᠳᠠᠭᠤᠤThe Legend of Love Singer_ Tengger Хайрын Домог Дуучин С.Тэнгэр

ᠬᠠᠢᠷ᠎ᠠ ᠶᠢᠨ ᠳᠣᠮᠣᠭ-ᠰ ∙ ᠲᠩᠷᠢ-《ᠲᠠᠮᠠᠭ᠎ᠠ ᠦᠭᠡᠢ ᠲᠥᠷᠥ》 ᠮᠣᠩᠭᠣᠯ ᠵᠦᠴᠦᠭᠡ ᠶᠢᠨ ᠳᠠᠭᠤᠤThe Legend of Love Singer_ Tengger Хайрын Домог Дуучин С.Тэнгэр

ᠠᠩᠭᠢᠯᠠᠯ:ᠳᠠᠭᠤᠤ ᠬᠥᠭᠵᠢᠮ
2024-09-19

755

ᠬᠠᠢᠷ᠎ᠠ  ᠶᠢᠨ ᠳᠣᠮᠣᠭ

       《ᠲᠠᠮᠠᠭ᠎ᠠ ᠦᠭᠡᠢ ᠲᠥᠷᠥ》 ᠵᠦᠴᠦᠭᠡ ᠶᠢᠨ ᠳᠠᠭᠤᠤ 
   ᠦᠭᠡ᠄ ᠪ ᡀᠠᠭᠪᠠᠰᠦ᠋ᠷᠦᠩ  
   ᠠᠶ᠎ᠠ᠄ ᠪ ᠣᠳᠣᠪᠠᠶᠠᠷ  
   ᠳᠠᠭᠤᠴᠢᠨ᠄ ᠰ ᠲᠩᠷᠢ 

ᠴᠢᠨᠦ ᠰᠡᠳᠬᠢᠯ ᠠᠭᠤᠯᠠ ᠶᠤᠮ ᠡ ᠭᠡᠬᠦ ᠳᠦ 
ᠴᠢᠨᠦ ᠮᠢᠨᠢ ᠴᠠᠭᠠᠨ᠎ᠠ ᠠᠭᠤᠯᠠ ᠦᠭᠡᠢ ᠯᠡ ᠶᠤᠮ ᠰᠢᠭ᠋ 
ᠴᠢᠨᠦ ᠦᠵᠡᠮᠵᠢ ᠤᠰᠤ ᠶᠤᠮ ᠡ ᠭᠡᠬᠦ ᠳᠦ 
ᠴᠢᠮ᠎ᠠ ᠡᠴᠡ ᠮᠢᠨᠢ ᠥᠭᠡᠷ᠎ᠡ ᠮᠥᠷᠡᠨ ᠦᠭᠡᠢ ᠯᠡ 
ᠪᠢ ᠴᠢᠮᠠᠶ᠋ᠢ ᠬᠠᠢᠷᠠᠯᠠᠭᠰᠠᠨ ᠰᠠᠨ 

ᠴᠢ ᠮᠢᠨᠢ ᠲᠩᠷᠢ ᠶᠢᠨ ᠡᠷᠬᠡᠰ ᠶᠤᠮ ᠭᠡᠬᠦ ᠳᠦ 
ᠴᠢᠨᠦ ᠴᠠᠭᠠᠨ᠎ᠠ ᠣᠳᠣᠳ ᠦᠭᠡᠢ ᠯᠡ ᠶᠤᠮ ᠰᠢᠭ᠋ 
ᠴᠢ ᠮᠢᠨᠢ ᠲᠠᠩᠭᠢᠰ ᠤᠨ ᠡᠷᠳᠡᠨᠢ ᠶᠤᠮ ᠭᠡᠬᠦ ᠳᠦ 
ᠴᠢᠮ᠎ᠠ ᠡᠴᠡ ᠮᠢᠨᠢ ᠥᠭᠡᠷ᠎ᠡ ᠴᠢᠨᠳᠠᠮᠤᠨᠢ ᠦᠭᠡᠢ ᠯᠡ 
ᠠᠮᠢ ᠲᠠᠯᠪᠢᠨ ᠬᠠᠢᠷᠠᠯᠠᠭᠰᠠᠨ ᠰᠠᠨ 

ᠡᠳᠦᠷ ᠨᠢ ᠮᠠᠨᠳᠤᠭᠰᠠᠨ ᠨᠠᠷᠠ ᠶᠢ ᠪᠢ 
ᠰᠥᠨᠢ ᠲᠡᠪᠡᠷᠢᠵᠦ ᠨᠣᠢᠷᠰᠤᠯ᠎ᠠ 
ᠥᠨᠳᠥᠷ  ᠦᠨ ᠵᠢᠸ᠎ᠠ ᠣᠳᠣᠳ ᠡᠴᠡ ᠪᠢ  
ᠭᠠᠭᠴᠠ ᠯᠠ ᠣᠳᠣ ᠪᠠᠭᠤᠯᠭᠠᠯ᠎ᠠ 

ᠲᠡᠷᠡ ᠮᠢᠨᠢ ᠴᠢ 
ᠴᠢ ᠯᠡ ᠪᠠᠢᠯ᠎ᠠ 
ᠬᠠᠢᠷ᠎ᠠ ᠮᠢᠨᠢ 
ᠴᠢ ᠯᠡ ᠪᠠᠢᠯ᠎ᠠ 
ᠬᠠᠢᠷ᠎ᠠ ᠪᠠᠢᠯ᠎ᠠ 

ᠴᠢᠨᠦ ᠢᠨᠢᠶᠡᠳᠦ ᠠᠶᠠᠯᠭᠤ ᠶᠤᠮ ᠭᠡᠬᠦ ᠳᠦ 
ᠴᠢᠮ᠎ᠠ ᠡᠴᠡ ᠥᠭᠡᠷ᠎ᠡ ᠡᠭᠡᠰᠢᠭ ᠦᠭᠡᠢ ᠯᠡ ᠶᠤᠮ ᠰᠢᠭ᠋ 
ᠴᠢᠨᠦ ᠮᠢᠨᠢ ᠬᠠᠢᠷ᠎ᠠ ᠳᠣᠮᠣᠭ ᠶᠤᠮ ᠭᠡᠬᠦ ᠳᠦ 
ᠴᠢᠨᠦᠬᠢ ᠡᠴᠡ ᠥᠭᠡᠷ᠎ᠡ ᠲᠤᠤᠯᠢᠰ ᠦᠭᠡᠢ ᠯᠡ 
ᠪᠢ ᠴᠢᠮᠠᠶ᠋ᠢ ᠬᠠᠢᠷᠠᠯᠠᠭᠰᠠᠨ ᠰᠠᠨ 

ᠡᠳᠦᠷ ᠨᠢ ᠮᠠᠨᠳᠤᠭᠰᠠᠨ ᠨᠠᠷᠠ ᠶᠢ ᠪᠢ 
ᠰᠥᠨᠢ ᠲᠡᠪᠡᠷᠢᠵᠦ ᠨᠣᠢᠷᠰᠤᠯ᠎ᠠ 
ᠥᠨᠳᠥᠷ  ᠦᠨ ᠵᠢᠸ᠎ᠠ ᠣᠳᠣᠳ ᠡᠴᠡ ᠪᠢ  
ᠭᠠᠭᠴᠠ ᠯᠠ ᠣᠳᠣ ᠪᠠᠭᠤᠯᠭᠠᠯ᠎ᠠ

ᠲᠡᠷᠡ ᠮᠢᠨᠢ ᠴᠢ 
ᠴᠢ ᠯᠡ ᠪᠠᠢᠯ᠎ᠠ 
ᠬᠠᠢᠷ᠎ᠠ ᠮᠢᠨᠢ 
ᠴᠢ ᠯᠡ ᠪᠠᠢᠯ᠎ᠠ 
ᠬᠠᠢᠷ᠎ᠠ ᠪᠠᠢᠯ᠎ᠠ 

   ᠦᠰᠦᠭ ᠬᠠᠳᠠᠭᠴᠢ᠄ ᠨᠠᠷᠠᠨᠮᠠᠨᠳᠠ