ᠳᠥᠷᠪᠡᠨ ᠠᠮᠢᠳᠠᠨ ᠤ ᠶᠠᠷᠢᠶ᠎ᠠ – ᠰ ᠂ ᠳᠠᠱᠢᠳᠠᠨᠳᠠᠪ Дөрвөн амьтны яриа – С ᠂ Дашидандав
ᠳᠥᠷᠪᠡᠨ ᠠᠮᠢᠳᠠᠨ ᠤ ᠶᠠᠷᠢᠶ᠎ᠠ
( ᠱᠣᠭ ᠥᠭᠦᠯᠡᠯᠭᠡ )
ᠨᠢᠭᠡᠨ ᠠᠮᠠᠷᠠᠯᠲᠠ ᠶ᠋ᠢᠨ ᠭᠠᠵᠠᠷ ᠪᠠᠢᠵᠠᠢ᠃ ᠲᠡᠷᠡ ᠬᠠᠪᠢ ᠳ᠋ᠤᠨᠢ ᠶᠠᠩᠵᠤ ᠪᠦᠷᠢ ᠶ᠋ᠢᠨ ᠠᠮᠢᠲᠠᠨ ᠪᠠᠢᠳᠠᠭ ᠶᠤᠮ ᠰᠠᠨᠵᠠᠢ᠃ ᠨᠢᠭᠡ ᠡᠳᠦᠷ ᠭᠠᠬᠠᠢ᠂ ᠬᠤᠯᠤᠭᠠᠨ᠎ᠠ᠂ ᠪᠠᠲᠠᠭᠠᠨ᠎ᠠ᠂ ᠰᠢᠷᠭᠤᠯᠵᠢ ᠡᠢᠮᠦ ᠲᠦᠷᠪᠢᠨ ᠠᠮᠢᠲᠠᠨ ᠳᠥᠷᠪᠡᠭᠦᠯᠡᠬᠡᠨ ᠢ᠋ᠶ᠋ᠡᠨ ᠨᠢᠭᠤᠴᠠ ᠬᠤᠷᠠᠯ ᠬᠢᠵᠦ ᠨᠥᠭᠦᠭᠡ ᠬᠡᠳᠦ ᠨᠢ ᠮᠤᠨᠳᠠᠭ ᠭᠠᠬᠠᠢ ᠪᠠᠨ ᠰᠢᠭᠦᠮᠵᠢᠯᠡᠵᠦ ᠭᠠᠷᠴᠠᠢ᠃
ᠬᠤᠯᠤᠭᠠᠨ᠎ᠠ ᠨᠢ ᠴᠣᠭᠴᠣᠢᠵᠤ ᠰᠠᠭᠤᠭᠠᠳ ᠱᠣᠭᠰᠢᠷᠠᠵᠤ ᠭᠡᠨ᠎ᠡ᠃
— ᠠᠷᠪᠢᠴᠢ ᠬᠢᠮᠠᠭᠠᠴᠢ ᠪᠠᠨ ᠮᠠᠷᠲᠠᠬᠤ ᠰᠢᠬᠠᠭᠰᠠᠨ ᠡᠨᠡ ᠠᠢᠯ ᠤ᠋ᠨ ᠪᠤᠶᠠᠨ ᠢ᠋ᠶ᠋ᠠᠷ ᠪᠢᠳᠡ ᠡᠯᠪᠡᠭ ᠬᠣᠭᠣᠯᠠ ᠲᠠᠢ ᠪᠠᠢᠨ᠎ᠠ᠃ ᠭᠡᠲᠡᠯ᠎ᠡ ᠡᠨᠡ ᠮᠠᠭᠤ ᠭᠠᠬᠠᠢ ᠬᠣᠭᠣᠯᠠᠨ ᠤ᠋ ᠰᠢᠪᠬᠠᠷᠤᠤ ᠪᠠᠢᠭᠰᠠᠭᠠᠷ ᠪᠠᠢᠲᠠᠯ᠎ᠠ ᠬᠠᠮᠤᠭ ᠲᠠᠯᠬ᠎ᠠ( ᠮᠢᠶᠠᠨᠪᠣᠤ) ᠶ᠋ᠢ ᠮᠠᠨᠢ ᠢᠳᠡᠵᠦ ᠭᠦᠢᠴᠡᠯ᠎ᠡ᠃ ᠢᠳᠡᠬᠦ ᠢᠳᠡᠬᠦ ᠳ᠋ᠡᠭᠡᠨ ᠪᠦᠷ ᠮᠠᠰᠯᠣ᠋ ( ᠴᠥᠴᠥᠭᠡᠢ) ᠨᠢᠯᠠᠭᠠᠳ ᠢᠳᠡᠨ᠎ᠡ ᠭᠡᠭᠴᠢ! ᠲᠠᠯᠬ᠎ᠠ ᠮᠠᠰᠯᠣ᠋ ᠬᠣᠶᠠᠷ ᠴᠢᠨᠢ ᠪᠣᠯ ᠮᠢᠨᠦ ᠯᠡ ᠢᠳᠡᠬᠦ ᠬᠣᠭᠣᠯᠠ ᠁ ᠭᠡᠵᠦ ᠱᠣᠭᠰᠢᠷᠠᠪᠠ᠃
ᠳᠠᠷᠠᠭ᠎ᠠ ᠨᠢ ᠪᠠᠲᠠᠭᠠᠨ᠎ᠠ ᠳᠦᠩᠭᠢᠨᠡᠵᠦ ᠭᠠᠷᠪᠠ᠃
— ᠪᠢ ᠪᠣᠯ ᠶᠠᠮᠠᠷ ᠴᠤ᠌ ᠬᠣᠭᠣᠯᠠ ᠶ᠋ᠢ ᠠᠮᠲᠠᠯᠠᠵᠤ ᠴᠢᠳᠠᠨ᠎ᠠ᠃ ᠭᠡᠯᠡ ᠴᠤ᠌ ᠶᠠᠭᠠᠬᠢᠬᠤ ᠪᠣᠢ ᠨᠠᠳᠠ ᠳ᠋ᠤ᠌ ᠭᠠᠭᠴᠠᠬᠠᠨ ᠸᠠᠷᠸᠨᠢ (1) ᠯᠡ ᠪᠠᠢᠪᠠᠯ ᠪᠣᠯᠤᠯ᠎ᠠ᠃ ᠭᠡᠲᠡᠯ᠎ᠡ ᠡᠨᠡ ᠮᠠᠭᠤ ᠭᠠᠬᠠᠢ ᠢᠯᠭᠠᠵᠤ ᠦᠯᠡᠳᠡᠭᠡᠬᠦ ᠶ᠋ᠢ ᠮᠡᠳᠡᠬᠦ ᠦᠭᠡᠢ᠂ ᠶᠠᠭᠤᠲᠠᠢ ᠬᠡᠦᠳᠡᠢ ᠨᠢ ᠭᠤᠳᠤᠷᠴᠢᠬᠠᠬᠤ ᠶᠤᠮ ᠭᠡᠵᠦ ᠠᠭᠤᠷᠰᠠᠪᠠ᠃
ᠲᠡᠭᠡᠲᠡᠯ᠎ᠡ ᠰᠢᠷᠭᠤᠯᠵᠢ ᠬᠡᠳᠦᠨ ᠬᠥᠯ ᠢ᠋ᠶ᠋ᠡᠨ ᠰᠠᠷᠪᠠᠯᠵᠠᠭᠤᠯᠤᠨ ᠪᠠᠢᠵᠤ ᠤᠴᠢᠷ ᠲᠣᠭᠠᠴᠢᠪᠠ᠃
— ᠵᠠ ᠨᠠᠳᠠ ᠳ᠋ᠤ᠌ ᠴᠤ᠌ ᠸᠠᠷᠸᠨᠢ᠂ ᠮᠠᠰᠯᠣ᠋ ᠬᠣᠶᠠᠷ ᠲᠠᠭᠠᠷᠠᠮᠵᠢ ᠦᠭᠡᠢ ᠠ᠋! ᠬᠡᠰᠦᠵᠦ ᠲᠡᠨᠦᠵᠦ ᠶᠠᠪᠤᠭᠠᠳ ᠬᠡᠷᠪᠡ ᠨᠢᠭᠡ ᠳᠣᠲᠣᠷ᠎ᠠ ᠨᠢ ᠣᠷᠣᠵᠤ ᠶᠠᠪᠤᠴᠢᠬᠠᠪᠠᠯ ᠬᠥᠯ ᠠᠯᠳᠠᠭᠠᠳ ᠬᠥᠭ ᠢ᠋ᠶ᠋ᠡᠨ ᠴᠢᠷᠴᠦ ᠭᠦᠢᠴᠡᠬᠦ ᠨᠢ ᠲᠡᠷᠡ᠃ ᠠ᠋ ᠳᠠ᠂ ᠡᠯᠡᠰᠦᠨ ᠰᠢᠬᠢᠷ ᠤᠤ᠂ ᠡᠵᠡᠲᠡᠢ ᠪᠢᠵᠡ ᠳᠡ᠃ ᠠᠷᠭ᠎ᠠ ᠦᠭᠡᠢ ᠯᠡ ᠮᠢᠨᠦ ᠬᠣᠭᠣᠯᠠ᠃ ᠭᠡᠲᠡᠯ᠎ᠡ ᠪᠠᠰᠠ ᠡᠨᠡ ᠮᠠᠭᠤ ᠭᠠᠬᠠᠢ ᠁ ᠦᠭᠡᠢ ᠶᠡᠷᠦ ᠳ᠋ᠡᠭᠡᠨ ᠡᠨᠡ ᠮᠠᠭᠤ ᠵᠣᠯᠢᠭ ᠳᠤ ᠬᠣᠭᠣᠯᠠᠨ ᠤ᠋ ᠰᠢᠪᠬᠠᠷᠤᠤ ᠳᠠᠯᠠᠬᠠᠨ ᠤ᠋ ᠬᠣᠭ ᠯᠠ ᠪᠠᠢᠪᠠᠯ ᠪᠣᠯᠤᠨ᠎ᠠ ᠪᠢᠵᠡ᠃ ᠸᠠᠷᠸᠨᠢ ᠰᠢᠬᠢᠷ ᠬᠣᠶᠠᠷ ᠢ᠋ᠶ᠋ᠠᠷ ᠪᠠᠯᠳᠠᠰᠢ( ᠶᠠᠭᠤ) ᠪᠠᠨ ᠬᠢᠨ᠎ᠡ ᠪᠣᠢ ᠭᠡᠳ ᠯᠡ ᠤᠨᠲᠤᠭᠤᠴᠠᠵᠤ ᠪᠠᠢᠪᠠ᠃
ᠨᠥᠭᠦᠭᠡ ᠬᠡᠳᠦ ᠨᠢ ᠮᠤᠨᠳᠠᠭ ᠭᠠᠬᠠᠢ ᠪᠠᠨ ᠢᠩᠭᠢᠵᠦ ᠰᠢᠭᠦᠮᠵᠢᠯᠡᠭᠡᠳ ᠨᠢᠭᠡᠨ ᠰᠠᠨᠠᠯ ᠢ᠋ᠶ᠋ᠠᠷ ᠨᠡᠢᠯᠡᠵᠦ ᠲᠣᠭᠲᠠᠭᠰᠠᠨ ᠰᠢᠢᠳ ᠢ᠋ᠶ᠋ᠡᠨ ᠨᠥᠬᠥᠷ ᠭᠠᠬᠠᠢ ᠳ᠋ᠠᠭᠠᠨ ᠬᠡᠯᠡᠵᠡᠢ᠃
— ᠵᠠ ᠪᠢᠳᠡ ᠭᠤᠷᠪᠠ ᠡᠨᠡ ᠨᠠᠮᠤᠷ ᠢᠴᠡᠭᠡᠳ ᠬᠣᠢᠲᠤᠨ ᠬᠠᠪᠤᠷ ᠢᠴᠡᠭᠡᠨ ᠡᠴᠡ ᠪᠡᠨ ᠭᠠᠷᠴᠤ ᠢᠷᠡᠨ᠎ᠡ᠃ ᠡᠨᠡ ᠠᠢᠯ ᠮᠠᠨᠢ ᠢᠪᠡᠭᠡᠭᠰᠡᠭᠡᠷ ᠪᠠᠢᠪᠠᠯ ᠪᠢᠳᠡᠨ ᠳ᠋ᠦ᠍ ᠣᠨᠣᠭᠳᠠᠬᠤ ᠲᠠᠯᠬ᠎ᠠ᠂ ᠮᠠᠰᠯᠣ᠋᠂ ᠸᠠᠷᠸᠨᠢ᠂ ᠰᠢᠬᠢᠷ ᠴᠦ᠍ ᠪᠢᠰᠢᠭᠦᠢ ᠶᠡᠬᠡ ᠪᠣᠯᠤᠨ᠎ᠠ᠃ ᠲᠡᠭᠡᠬᠦᠯᠡᠷ ᠴᠢ ᠲᠡᠷᠡ ᠪᠦᠭᠦᠳᠡ ᠶ᠋ᠢ ᠭᠠᠢᠭᠤᠢ ᠰᠠᠢᠨ ᠬᠠᠳᠠᠭᠠᠯᠠᠵᠤ ᠪᠠᠢᠭᠠᠳ ᠪᠢᠳᠡᠨ ᠢ᠋ ᠳᠠᠷᠠᠭ᠎ᠠ ᠢᠷᠡᠬᠦ ᠲᠡᠢ ᠵᠡᠷᠭᠡ ᠲᠠᠷᠬᠠᠭᠠᠵᠤ ᠦᠭᠭᠦᠭᠡᠷᠡᠢ᠃ ᠡᠭᠦᠨ ᠢ᠋ ᠪᠢᠳᠡ ᠢᠴᠡᠯ ᠦᠭᠡᠢ ᠦᠯᠡᠳᠡᠳᠡᠭ ᠢᠯᠭᠢᠨ ᠬᠣᠩᠰᠢᠶᠠᠷᠲᠤ ᠴᠢᠮ᠎ᠠ ᠳ᠋ᠠᠭᠠᠨ ᠯᠠ ᠨᠠᠢᠳᠠᠬᠤ ᠦᠭᠡᠢ ᠪᠣᠯ ᠬᠡᠨ ᠳ᠋ᠡᠭᠡᠨ ᠨᠠᠢᠳᠠᠬᠤ ᠪᠢᠯᠡ ᠭᠡᠵᠦ ᠬᠡᠯᠡᠯᠴᠡᠵᠡᠢ᠃ ᠲᠡᠭᠡᠬᠦ ᠳ᠋ᠦ᠍ ᠭᠠᠬᠠᠢ ᠨᠢ ᠶᠡᠬᠡ ᠯᠡ ᠠᠩᠵᠢᠶᠠᠷᠠᠭᠰᠠᠨ ᠮᠠᠶᠢᠭᠲᠠᠢ ᠴᠢᠬᠢ ᠪᠡᠨ ᠳᠡᠯᠳᠡᠭᠡᠨᠡᠭᠦᠯᠦᠨ ᠴᠢᠩᠨᠠᠵᠤ ᠪᠠᠢᠭᠰᠠᠨ ᠢ᠋ᠶ᠋ᠠᠨ᠄
— ᠲᠡᠭᠡᠯᠭᠦᠢ ᠶᠠᠭᠠᠬᠢᠬᠤᠪ᠂ ᠬᠠᠳᠠᠭᠠᠯᠠᠨ᠎ᠠ᠃ ᠬᠠᠷᠢᠨ ᠲᠡᠭᠡᠬᠦ ᠳ᠋ᠡᠭᠡᠨ《 ᠨᠣᠬᠠᠢ ᠶᠠᠪᠠᠭᠠᠨ᠂ ᠭᠠᠬᠠᠢ ᠨᠢᠴᠦᠭᠦᠨ》ᠨᠠᠳᠠ ᠥᠭᠡᠷ᠎ᠡ ᠬᠢᠬᠦ ᠰᠠᠪᠠ ᠪᠠᠢᠬᠤ ᠪᠢᠰᠢ᠃ ᠪᠠᠲᠤᠲᠠᠢ ᠪᠠᠷ ᠨᠢ ᠭᠡᠷ ᠦ᠋ᠨ ᠴᠢᠨᠡᠭᠡ ᠭᠡᠳᠡᠰᠦᠨ ᠳ᠋ᠦ᠍ ᠬᠢᠭᠡᠳ ᠯᠡ ᠬᠠᠳᠠᠭᠠᠯᠠᠴᠢᠬᠠᠨᠠ ᠰᠢᠦ ᠳᠡ ᠭᠡᠮᠡᠨ ᠬᠠᠮᠠᠷ ᠢ᠋ᠶ᠋ᠠᠨ ᠳᠤᠤᠭᠠᠷᠭᠠᠨ ᠬᠡᠯᠡᠵᠦ ᠭᠡᠨ᠎ᠡ᠃
– – – –
(1) ᠵᠢᠮᠢᠰ ᠦᠨ ᠴᠢᠨᠠᠮᠠᠯ᠂ ᠵᠢᠮᠢᠰ ᠦᠨ ᠵᠢᠶᠠᠩ
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ
ᠬᠢᠨᠠᠭ᠍ᠴᠢ : ᠴᠣᠯᠮᠣᠨᠲᠤᠶᠠᠭ᠎ᠠ
2023᠂ 9᠂ 11 ᠤ᠋ ᠡᠳᠦᠷ
