ᠬᠠᠪᠤᠷ - ᠳ ᠨᠠᠴᠤᠭᠳᠣᠷᠵᠢХавар шүлэг-Д.Нацагдорж
ᠬᠠᠪᠤᠷ
ᠳ᠂ ᠨᠠᠴᠤᠭᠳᠣᠷᠵᠢ
ᠮᠥᠩᠬᠡ ᠲᠩᠷᠢ ᠶ᠋ᠢᠨ ᠳᠣᠣᠷ᠎ᠠ ᠮᠢᠩᠭᠠᠨ ᠮᠢᠩᠭᠠᠨ ᠬᠠᠪᠣᠷ
ᠮᠣᠩᠭᠣᠯ ᠦ᠋ᠨ ᠰᠠᠶ᠋ᠢᠬᠠᠨ ᠣᠷᠣᠨ ᠳᠦ ᠵᠢᠯ ᠵᠢᠯ ᠳᠡᠯᠭᠡᠷ᠃
ᠡᠩᠬᠡ ᠤᠯᠠᠷᠢᠯ ᠬᠠᠩᠬᠣᠯᠬᠤ ᠳᠦ ᠬᠦᠮᠦᠨ ᠪ ᠰᠡᠤᠠᠬᠢᠯ ᠲᠡᠨᠢᠭᠡᠷ
ᠡᠪᠡᠰᠦᠨ ᠪ ᠰᠣᠶᠣᠬ᠋ᠠ ᠨᠣᠭᠤᠭᠠᠷᠠᠬᠤ ᠳᠦ ᠮᠤᠷᠢ ᠮᠠᠯ ᠬᠠᠨᠠᠭᠠᠷ᠃
ᠬᠣᠯᠠᠬᠢ ᠨᠠᠷᠠ ᠣᠶ᠋ᠢᠷᠠᠲᠤᠵᠤ ᠬᠠᠰ ᠦ᠋ᠨ ᠴᠠᠰᠤ ᠬᠠᠶ᠋ᠢᠯᠬᠤ ᠳᠦ
ᠬᠣᠷᠸ᠋᠎ᠠ ᠳᠡᠯᠡᠬᠡᠢ ᠰᠢᠨᠡᠴᠢᠯᠡᠭᠳᠡᠨ ᠬᠠᠭᠤᠴᠢᠨ ᠶᠠᠭᠤᠮ᠎ᠠ ᠬᠠᠯᠠᠭᠲᠠᠨᠠ᠃
ᠬᠦᠬᠡᠷᠡᠭᠰᠡᠨ ᠮᠣᠲᠣ ᠴᠡᠴᠡᠭᠯᠡᠵᠦ ᠬᠡᠦᠬᠡᠳ ᠪᠠᠭᠠᠴᠤᠳ ᠨᠠᠭᠠᠤᠠᠬᠤ ᠳᠦ
ᠬᠥᠭᠰᠢᠨ ᠬᠦᠮᠦᠨ ᠦᠪᠡᠷ ᠊ᠢ ᠪᠡᠨ ᠵᠠᠯᠠᠭᠤ ᠪᠣᠯᠤᠭᠰᠠᠨ ᠰᠢᠭ᠋ ᠰᠠᠨᠠᠨ᠎ᠠ᠃
ᠬᠡᠭᠡᠷ᠎ᠡ ᠶ᠋ᠢᠨ ᠭᠠᠯᠠᠭᠤ ᠠᠶ᠋ᠢᠯᠴᠢᠯᠠᠨ ᠢᠷᠡᠵᠦ ᠭᠠᠩᠭᠠᠷ ᠭᠤᠩᠭᠤᠷ ᠳᠣᠩᠭᠣᠳᠬᠤ ᠳᠦ
ᠭᠡᠷ ᠲᠡᠭᠡᠨ ᠰᠠᠭᠣᠭᠰᠠᠨ ᠮᠠᠯᠴᠢᠨ ᠲᠠᠭᠤ ᠶ᠋ᠢ ᠨᠢ ᠴᠢᠩᠨᠠᠭᠠᠳ ᠤᠶᠠᠷᠠᠨ᠎ᠠ᠃
ᠬᠠᠵᠠᠭᠤ ᠳ᠋ᠠᠬᠢ ᠠᠭᠤᠯᠠᠨ ᠳᠦ ᠭᠤᠷᠣᠬᠡ ᠪᠤᠯᠠᠭ ᠬᠣᠷᠴᠢᠭᠢᠨᠠᠨ ᠤᠷᠤᠰᠤᠨ᠎ᠠ
ᠬᠠᠶᠠᠭᠠᠨ ᠳ᠋ᠡᠬᠢ ᠢᠰᠢᠭᠡ ᠬᠤᠷᠠᠬ᠋ᠠ ᠬᠥᠭᠵᠢᠮ ᠨᠡᠶ᠋ᠢᠯᠡᠭᠦᠯᠦᠨ ᠮᠠᠶ᠋ᠢᠯᠠᠨᠠ᠃
ᠡᠶᠡᠯᠳᠡᠭ ᠤᠷᠢᠬᠠᠨ ᠠᠮᠢᠰᠬᠤᠯ ᠠᠷᠢᠭᠤᠬᠠᠨ ᠶ᠋ᠢᠠᠷ ᠦᠨᠦᠷᠲᠦᠭᠡᠳ
ᠡᠷᠲᠡ ᠡᠲᠦᠭᠡ ᠶ᠋ᠢ ᠪᠤᠲᠤᠭᠲᠠᠭᠤᠯᠤᠨ ᠨᠢᠭᠤᠭᠲᠠᠭᠰᠠᠨ ᠰᠡᠤᠠᠬᠢᠯ ᠊ᠢ ᠰᠡᠷᠭᠦᠭᠡᠨ᠎ᠡ᠃
ᠥᠨᠢᠷ ᠰᠠᠶ᠋ᠢᠬᠠᠨ ᠲᠦᠯ ᠪᠠᠶᠠᠨ ᠬᠤᠲᠠ ᠶ᠋ᠢ ᠴᠢᠮᠡᠬᠦ ᠳᠦ
ᠥᠯᠥᠭᠡᠢ ᠲᠡᠢ ᠪᠢᠴᠢᠬᠠᠨ ᠬᠡᠦᠬᠡᠳ ᠡᠴᠢᠭᠡ ᠡᠬᠡ ᠪᠡᠨ ᠪᠠᠶᠠᠰᠬᠠᠨ᠎ᠠ᠃
ᠦᠰᠦᠭ ᠠᠮᠢᠯᠠᠭᠤᠯᠤᠭᠴᠢ᠄ ᠲᠦᠮᠠᠳ ᠤᠨᠳᠤᠷᠮ᠎ᠠ
ᠬᠢᠨᠠᠭᠴᠢ ᠪᠠᠭᠰᠢ᠄ ᠣᠤᠠᠬᠠᠨᠰᠣᠠ᠋
