ᠮᠠᠨᠠᠭᠠᠴᠢ – ᠰ ᠂ ᠳᠠᠱᠢᠳᠠᠨᠳᠠᠪ Манаач – С ᠂ Дашидандав
ᠮᠠᠨᠠᠭᠠᠴᠢ
( ᠬᠣᠱᠣᠩ ᠥᠭᠦᠯᠡᠯᠭᠡ)
ᠮᠠᠨ ᠤ᠋ ᠳ᠋ᠤ᠌ ᠨᠢᠭᠡ ᠮᠠᠨᠠᠭᠠᠴᠢ ᠪᠣᠢ᠃ ᠮᠠᠨᠠᠭᠠᠴᠢ ᠮᠠᠨᠢ ᠶᠡᠬᠡ ᠨᠣᠢᠷ ᠲᠠᠢ᠂ ᠶᠡᠬᠡ ᠪᠡᠭᠡᠷᠡᠭ᠂ ᠨᠠᠰᠤ ᠠᠬᠢᠭᠰᠠᠨ ᠪᠣᠯᠤᠭᠠᠳ ᠴᠤ᠌ ᠲᠡᠷᠡ ᠤᠤ? ᠪᠠᠰᠠ ᠨᠡᠯᠢᠶᠡᠳ ᠴᠠᠢᠷᠠᠭᠤ ᠬᠥᠮᠦᠨ᠃
ᠨᠢᠭᠡᠨ ᠰᠥᠨᠢ ᠮᠠᠨᠠᠭ᠎ᠠ ᠪᠠᠨ ᠮᠠᠨᠠᠭᠠᠳ ᠵᠣᠭᠰᠣᠵᠤ ᠪᠠᠢᠲᠠᠯ᠎ᠠ ᠨᠢ ᠬᠦᠢᠲᠡᠨ ᠵᠢᠪᠠᠷ ᠨᠡᠪᠲᠡ ᠵᠢᠩᠳᠡᠭᠦᠯᠵᠦ ᠮᠠᠨᠢ ᠡᠷ᠎ᠡ ᠪᠠᠬᠠᠨ ᠲᠠᠭᠠᠷᠠᠵᠠᠢ᠃ ᠪᠠᠰᠠ ᠨᠣᠢᠷ ᠨᠢ ᠬᠦᠷᠦᠭᠡᠳ ᠦᠶ᠎ᠡ ᠦᠶ᠎ᠡ ᠡᠪᠰᠢᠶᠡᠯᠭᠡᠵᠦ ᠪᠠᠢᠪᠠ᠃《 ᠬᠥᠭᠰᠢᠨ ᠮᠠᠨᠢ ᠨᠠᠳᠠ ᠳ᠋ᠤ᠌ ᠰᠠᠢᠬᠠᠨ ᠴᠠᠢ ᠴᠢᠨᠠᠵᠤ ᠲᠠᠯᠪᠢᠭᠠᠳ ᠳᠤᠯᠠᠭᠠᠨ ᠬᠥᠨᠵᠢᠯᠡ ᠳ᠋ᠡᠭᠡᠨ ᠣᠷᠣᠴᠢᠬᠠᠭᠰᠠᠨ᠂ ᠲᠤᠭ ᠨᠣᠢᠷᠣᠨ ᠳᠤᠮᠳᠠ ᠪᠠᠨ ᠳᠤᠭᠵᠢᠷᠠᠵᠤ ᠪᠠᠢᠬ᠎ᠠ ᠳᠠ》 ᠭᠡᠵᠦ ᠪᠣᠳᠣᠬᠤ ᠠ᠋ᠴᠠ ᠲᠤᠩ ᠴᠤ᠌ ᠭᠣᠷᠢ ᠦᠭᠡᠢ ᠭᠡᠨ᠎ᠡ᠃
ᠲᠡᠭᠡᠬᠦᠯᠡᠷ ᠨᠢ ᠮᠠᠨᠠᠭᠠᠨ ᠤ᠋ ᠪᠠᠨ ᠱᠣᠪᠣᠭᠣᠷ ᠤ᠋ᠨ ᠵᠢᠵᠢᠭ ᠴᠣᠩᠬᠣ ᠪᠠᠷ ᠫᠤᠤ ᠪᠠᠨ ᠭᠠᠳᠠᠭᠰᠢ ᠭᠠᠷᠭᠠᠨ ᠭᠣᠵᠣᠢᠯᠭᠠᠴᠢᠬᠠᠭᠠᠳ ᠭᠡᠷ ᠲᠡᠭᠡᠨ ᠬᠠᠷᠢᠭᠠᠳ ᠶᠠᠪᠤᠵᠠᠢ ᠃ ᠮᠠᠨᠠᠭᠠᠨ ᠤ᠋ ᠠᠵᠢᠯ ᠠ᠋ᠴᠠ ᠮᠠᠷᠠᠭᠠᠰᠢ ᠥᠷᠯᠥᠭᠡ ᠨᠢ ᠪᠠᠭᠤᠬᠤ ᠤᠴᠢᠷᠲᠠᠢ ᠬᠥᠮᠦᠨ ᠢ ᠰᠥᠨᠢ ᠬᠠᠭᠠᠰᠯᠠᠭᠠᠳ ᠬᠦᠷᠴᠦ ᠢᠷᠡᠬᠦ ᠳ᠋ᠦ᠍ ᠬᠥᠭᠰᠢᠨ ᠨᠢ ᠭᠠᠢᠬᠠᠵᠤ᠄
— ᠴᠢ ᠮᠠᠨᠠᠭᠠᠨ ᠤ᠋ ᠪᠠᠨ ᠠᠵᠢᠯ ᠢ᠋ ᠶᠠᠭᠠᠬᠢᠴᠢᠬᠠᠭᠠᠳ ᠢᠷᠡᠬᠦ ᠨᠢ ᠪᠣᠢ ᠭᠡᠵᠦ ᠠᠰᠠᠭᠤᠵᠠᠢ᠃
— ᠶᠠᠭᠠᠬᠢᠬᠤ ᠶᠠᠭᠤ ᠪᠠᠢᠬᠤ ᠪᠣᠢ᠂ ᠡᠪᠦᠭᠡᠨ ᠨᠢ ᠨᠢᠭᠡ ᠳ᠋ᠦ᠍ ᠥᠳᠬᠡᠨ ᠤᠯᠠᠭᠠᠨ ᠴᠠᠢ ᠪᠠᠨ ᠰᠠᠨᠠᠭᠠᠳ᠂ ᠬᠣᠶᠠᠷ ᠲᠤ ᠬᠥᠨᠵᠢᠯᠡ ᠬᠥᠭᠰᠢᠨ ᠬᠣᠶᠠᠷ ᠢ᠋ᠶ᠋ᠠᠨ ᠰᠠᠨᠠᠵᠤ ᠲᠤᠩ ᠴᠤ᠌ ᠲᠣᠭᠲᠠᠵᠤ ᠪᠠᠢᠵᠤ ᠴᠢᠳᠠᠭᠰᠠᠨ ᠦᠭᠡᠢ᠃ ᠮᠢᠨᠦ ᠠᠵᠢᠯ ᠢ᠋ ᠬᠥᠭᠡᠷᠦᠬᠦᠨ ᠱᠣᠪᠣᠭᠣᠷ ᠮᠠᠨᠢ ᠣᠷᠣᠯᠠᠭᠠᠳ ᠦᠯᠡᠳᠡᠭᠰᠡᠨ᠂ ᠶᠠᠭ ᠴᠤ᠌ ᠦᠭᠡᠢ ᠲᠠᠪᠤ ᠦᠰᠦᠷᠳᠡᠭ ᠬᠤᠷᠳᠤᠨ ᠫᠤᠤ ᠪᠠᠷᠢᠴᠢᠬᠠᠭᠠᠳ ᠵᠣᠭᠰᠣᠵᠤ ᠪᠠᠢᠭ᠎ᠠ ᠰᠢᠦ ᠭᠡᠵᠦ ᠡᠪᠦᠭᠡᠨ ᠨᠢ ᠬᠠᠷᠢᠭᠤᠯᠵᠠᠢ᠃
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ
ᠬᠢᠨᠠᠭ᠍ᠴᠢ : ᠴᠣᠯᠮᠣᠨᠲᠤᠶᠠᠭ᠎ᠠ
2023᠂ 9᠂ 9 ᠤ᠋ ᠡᠳᠦᠷ
