ᠬᠡᠭᠡᠷ᠎ᠡ ᠶ᠋ᠢᠨ ᠰᠠᠯᠬᠢ ᠨᠠᠮᠠᠶ᠋ᠢ ᠠᠷᠭᠠᠳᠠᠨ- ᠬᠣᠨᠳᠣᠨ ᠪᠠᠭᠠᠲᠤᠷХээрийн салхи намайг аргадан-хондон баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠭᠡᠷ᠎ᠡ ᠶ᠋ᠢᠨ ᠰᠠᠯᠬᠢ ᠨᠠᠮᠠᠶ᠋ᠢ ᠠᠷᠭᠠᠳᠠᠨ- ᠬᠣᠨᠳᠣᠨ ᠪᠠᠭᠠᠲᠤᠷХээрийн салхи намайг аргадан-хондон баатар

ᠬᠡᠭᠡᠷ᠎ᠡ ᠶ᠋ᠢᠨ ᠰᠠᠯᠬᠢ ᠨᠠᠮᠠᠶ᠋ᠢ ᠠᠷᠭᠠᠳᠠᠨ- ᠬᠣᠨᠳᠣᠨ ᠪᠠᠭᠠᠲᠤᠷХээрийн салхи намайг аргадан-хондон баатар

2023-09-16

275

ᠬᠡᠭᠡᠷ᠎ᠡ ᠶ᠋ᠢᠨ ᠰᠠᠯᠬᠢ ᠨᠠᠮᠠᠶ᠋ᠢ ᠠᠷᠭᠠᠳᠠᠨ

                 ᠬᠣᠨᠳᠣᠨ ᠪᠠᠭᠠᠲᠤᠷ 
ᠨᠠᠪᠴᠢᠰ ᠰᠢᠷᠭᠠᠯᠲᠤᠵᠤ ᠡᠪᠡᠰᠦ ᠬᠠᠯᠢᠭᠤᠷᠠᠨ 
ᠨᠠᠷᠠ ᠪᠦᠬᠦᠨ ᠡᠴᠡ ᠠᠶᠠᠷᠬᠠᠨ ᠬᠣᠯᠠᠳᠠᠨ᠎ᠠ 
ᠨᠠᠰᠤᠨ ᠤ᠋ ᠡᠷᠬᠡ ᠪᠡᠷ ᠰᠠᠨᠴᠢᠭ ᠲᠤ᠌ ᠮᠢᠨᠢ ᠬᠢᠷᠠᠭᠤ ᠤᠨᠠᠵᠤ 
ᠨᠠᠭᠠᠳᠴᠤ ᠨᠠᠷᠭᠢᠭᠰᠠᠨ ᠵᠠᠯᠠᠭᠤ ᠨᠠᠰᠤ ᠲᠡᠷᠲᠡᠭᠡ ᠳ᠋ᠦ᠍ ᠪᠥᠷᠲᠥᠯᠵᠡᠨ᠎ᠡ 
ᠨᠡᠭᠦᠳᠡᠯ ᠦ᠋ᠨ ᠰᠢᠪᠠᠭᠤᠳ ᠵᠡᠯᠡᠯᠡᠨ ᠪᠠᠷ᠎ᠠ ᠳᠠᠯᠳᠠᠷᠠᠬᠤ ᠳ᠋ᠤ᠌ 
ᠨᠠᠭᠤᠷ ᠤ᠋ᠨ ᠪᠣᠯᠣᠷ ᠨᠢᠳᠦ ᠠᠷᠯᠠᠨ ᠨᠢᠯᠪᠤᠰᠤᠲᠤᠨ᠎ᠠ 
ᠨᠠᠯᠠᠭᠠᠷ ᠬᠣᠷᠸ᠎ᠠ ᠶ᠋ᠢᠨ ᠵᠢᠮ᠎ᠡ ᠶᠣᠰᠣ ᠭᠡᠵᠦ 
ᠨᠠᠮᠤᠷ ᠤ᠋ᠨ ᠬᠣᠩᠭᠣᠷ ᠰᠠᠯᠬᠢ ᠲᠡᠭᠦᠨ ᠢ᠋ ᠠᠷᠭᠠᠳᠠᠨ᠎ᠠ ᠠ᠋ 

ᠡᠭᠦᠯᠡᠰ ᠡᠪᠬᠡᠷᠡᠯᠳᠦᠵᠦ ᠠᠭᠤᠯᠠᠰ ᠬᠦᠳᠡᠩᠲᠦᠭᠰᠡᠨ
ᠡᠪᠦᠯ ᠠᠯᠤᠰ ᠠ᠋ᠴᠠ ᠠᠯᠭᠤᠷ ᠨᠠᠭᠠᠰᠢᠯᠠᠨ᠎ᠠ
ᠣᠷᠣᠢᠲᠠᠭᠰᠠᠨ ᠪᠣᠷᠣᠭ᠎ᠠ ᠭᠡᠨᠡᠳᠲᠡ ᠭᠡᠨᠡᠳᠭᠡᠨ 
ᠠᠭᠤᠴᠢᠯᠠᠯ ᠬᠦᠰᠡᠬᠦ ᠮᠡᠲᠦ ᠵᠦᠰᠡᠷᠡᠨ ᠵᠦᠰᠡᠷᠡᠨ᠎ᠡ
ᠭᠠᠩᠳᠠᠭᠰᠠᠨ ᠲᠠᠯ᠎ᠠ ᠭᠠᠩᠰᠠᠷᠠᠲᠠᠯ᠎ᠠ ᠰᠠᠨᠠᠭ᠎ᠠ ᠠᠯᠳᠠᠵᠤ
ᠭᠠᠯᠪᠠ ᠶᠢᠷᠲᠢᠨᠴᠦ ᠶ᠋ᠢᠨ ᠲᠠᠢᠯᠤᠭᠳᠠᠰᠢ ᠦᠭᠡᠢ ᠣᠨᠢᠰᠣᠭ᠎ᠠ ᠳ᠋ᠤ᠌ ᠲᠥᠭᠡᠷᠢᠬᠦ ᠳ᠋ᠦ᠍
ᠭᠠᠴᠢᠭᠳᠠᠭᠰᠠᠨ ᠰᠡᠳᠬᠢᠯ ᠢ᠋ ᠨᠢ ᠲᠠᠢᠪᠤᠰᠢᠷᠠᠭᠤᠯᠬᠤ ᠪᠠᠷ ᠬᠣᠩᠭᠣᠷ ᠰᠠᠯᠬᠢ ᠱᠠᠪᠰᠢᠨ ᠠᠷᠭᠠᠳᠠᠨ᠎ᠠ

ᠬᠥᠷᠥᠰᠥ ᠬᠠᠯᠴᠠᠷᠠᠨ ᠤᠰᠤ ᠴᠠᠷᠴᠠᠵᠤ
ᠬᠦᠢᠲᠡᠨ ᠠᠭᠠᠷ ᠦᠶ᠎ᠡ ᠦᠶᠡᠭᠡᠨ ᠳᠠᠭᠵᠢᠭᠤᠯᠤᠨ᠎ᠠ
ᠬᠥᠮᠦᠨ ᠪᠣᠯᠤᠭᠰᠠᠨ ᠵᠠᠶᠠᠭ᠎ᠠ ᠮᠢᠨᠢ ᠶᠠᠭᠤᠨ ᠤ᠋ ᠲᠥᠯᠥᠭᠡ ᠪᠢᠯᠡ
ᠬᠡᠴᠡᠭᠦᠬᠡᠨ ᠨᠢᠭᠡ ᠠᠰᠠᠭᠤᠯᠲᠠ ᠦᠶ᠎ᠡ ᠦᠶᠡᠭᠡᠨ ᠲᠠᠷᠢᠬᠢ ᠶ᠋ᠢ ᠵᠣᠪᠠᠭᠠᠨ᠎ᠠ
ᠬᠡᠢᠰᠴᠦ ᠢᠷᠡᠭᠡᠳ ᠪᠥᠮᠪᠥᠷᠢᠵᠦ ᠠᠷᠢᠯᠬᠤ ᠬᠠᠮᠬᠤᠤᠯ ᠮᠡᠲᠦ
ᠬᠢᠵᠦ ᠪᠦᠲᠦᠭᠡᠭᠰᠡᠨ ᠵᠦᠢᠯ ᠮᠠᠰᠢ ᠬᠣᠮᠰᠠᠬᠠᠨ ᠭᠡᠵᠦ ᠭᠤᠨᠢᠭᠯᠠᠬᠤ ᠳ᠋ᠤ᠌
ᠬᠥᠬᠡ ᠤᠭᠰᠠᠭ᠎ᠠ ᠮᠠᠨᠳᠤᠬᠤ ᠴᠠᠭ ᠢᠷᠡᠯ᠎ᠡ ᠭᠡᠮᠡᠨ ᠬᠡᠭᠡᠷ᠎ᠡ ᠶ᠋ᠢᠨ ᠰᠠᠯᠬᠢ ᠨᠠᠮᠠᠶ᠋ᠢ ᠠᠷᠭᠠᠳᠠᠨ᠎ᠠ ᠠ᠋
           2023.09.15
   ᠦᠰᠦᠭ ᠠᠮᠢᠯᠠᠭᠤᠯᠤᠭᠴᠢ᠄ ᠪᠠᠲᠤᠰᠠᠩ
   ᠬᠢᠨᠠᠭᠴᠢ᠄ ᠨᠤᠮᠤᠴᠢᠨ ᠪᠢᠯᠢᠭ᠂ ᠣᠳᠬᠠᠨᠰᠪ᠎ᠠ