ᠠᠬ᠎ᠠ ᠳᠡᠭᠦᠦ ᠬᠣᠶᠠᠷ ᠤ᠋ᠨ ᠶᠠᠷᠢᠯᠴᠠᠭ᠎ᠠАх дүү хоёрын ярилцаа

ᠠᠬ᠎ᠠ ᠳᠡᠭᠦᠦ ᠬᠣᠶᠠᠷ ᠤ᠋ᠨ ᠶᠠᠷᠢᠯᠴᠠᠭ᠎ᠠ
ᠠᠬ᠎ᠠ᠄ ᠮᠢᠨᠦ ᠳᠡᠭᠦᠦ ᠰᠠᠢᠨ ᠢᠷᠡᠪᠡ ᠦᠦ? ᠠᠶᠠᠨ ᠤ᠋ ᠵᠦᠳᠡᠷᠡᠭᠡ ᠭᠠᠢᠭᠤᠢ ᠤᠤ? ᠲᠦᠮᠡᠨ ᠳ᠋ᠦ᠍
ᠠᠳᠠᠯᠠᠭᠳᠠᠭᠰᠠᠨ ᠮᠠᠭᠤ ᠠᠬ᠎ᠠ ᠪᠠᠨ ᠭᠣᠯᠣᠯ ᠦᠭᠡᠢ᠂ ᠠᠢᠯᠴᠢᠯᠠᠵᠤ ᠢᠷᠡᠭᠰᠡᠨ ᠳ᠋ᠦ᠍ ᠴᠢᠨᠢ ᠬᠥᠭᠰᠢᠨ ᠠᠬ᠎ᠠ
ᠨᠢ ᠤᠶᠠᠷᠠᠬᠤ ᠶ᠋ᠢᠨ ᠶᠡᠬᠡᠪᠡᠷ ᠢ᠋ᠶ᠋ᠡᠷ ᠤᠶᠠᠷᠠᠮᠤᠢ!
ᠳᠡᠭᠦᠦ᠄ ᠵᠦᠭᠡᠷ᠂ ᠵᠦᠭᠡᠷ ᠠ᠋
ᠠᠬ᠎ᠠ᠄ ᠣᠷᠴᠢᠮ ᠮᠠᠨ ᠤ᠋ ᠳᠠᠷᠢ ᠰᠤᠮᠤ ᠬᠦᠷᠦᠯᠴᠡᠭᠡ ᠮᠠᠭᠤᠲᠠᠢ᠁ ᠲᠡᠭᠡᠭᠡᠳ ᠵᠢᠭᠡᠯᠡᠬᠦ ᠰᠠᠨᠠᠭᠳᠠᠯ᠎ᠠ᠁ ᠦᠭᠡᠢ ᠪᠣᠯ ᠬᠤᠳᠠᠯᠳᠤᠵᠤ ᠠᠪᠤᠭᠰᠠᠨ ᠴᠤ᠌ ᠪᠣᠯ ᠪᠣᠯᠤᠨ᠎ᠠ᠃
ᠳᠡᠭᠦᠦ᠄ ᠪᠢᠲᠡᠭᠡᠢ ᠰᠣᠯᠢᠶᠠᠷᠠᠭᠠᠳ ᠪᠠᠢ ᠴᠢᠨᠦ ᠲᠡᠷᠡ ᠵᠣᠭᠣᠰ ᠴᠤ᠌ ᠮᠡᠳᠡᠬᠦ ᠦᠭᠡᠢ᠃ ᠵᠣᠭᠣᠰ ᠭᠡᠵᠦ
ᠬᠡᠯᠡᠬᠦ ᠡᠴᠡ ᠵᠣᠷᠯᠣᠩ ᠤ᠋ᠨ ᠴᠠᠭᠠᠰᠤ ᠶ᠋ᠢ ᠴᠠᠪᠬᠢᠬᠤ ᠪᠠᠨ ᠪᠣᠯᠢᠭᠰᠠᠨ ᠪᠢᠰᠢᠦ ⁈
ᠠᠬ᠎ᠠ᠄ ᠮᠢᠨᠦ ᠳᠡᠭᠦᠦ ᠠᠬ᠎ᠠ ᠪᠠᠨ ᠪᠢᠲᠡᠭᠡᠢ ᠭᠠᠴᠢᠭᠠᠳ ᠪᠠᠢ ᠳᠠ᠂ ᠠᠬ᠎ᠠ ᠴᠢᠨᠢ ᠪᠢ ᠡᠦᠲᠦ ᠪᠣᠯᠲᠠᠯ᠎ᠠ ᠬᠥᠮᠦᠨ ᠦ᠌ ᠡᠮᠦᠨ᠎ᠡ ᠬᠠᠯᠵᠠᠨ ᠲᠣᠯᠣᠭᠠᠢ ᠪᠠᠨ ᠪᠥᠬᠥᠢᠵᠦ ᠦᠵᠡᠭᠡ ᠦᠭᠡᠢ ᠰᠢᠦ! ᠦᠭᠡᠢ ᠪᠣᠯ ᠢᠩᠭᠢᠶ᠎ᠡ ᠨᠠᠳᠠ ᠳ᠋ᠤ᠌ ᠲᠣᠰᠣ ᠣᠯᠠᠨ ᠪᠣᠢ᠂ ᠲᠣᠰᠣ ᠪᠠᠷ ᠰᠣᠯᠢᠶ᠎ᠠ? ᠶᠠᠭ ᠪᠣᠯᠬᠤ ᠦᠭᠡᠢ ᠪᠣᠯ ᠳᠡᠭᠡᠷ᠎ᠡ ᠨᠢ ᠬᠦᠨᠡᠰᠦᠨ ᠦ᠌ ᠠᠮᠤ ᠥᠭᠭᠦᠭᠰᠡᠨ ᠴᠤ᠌ ᠪᠣᠯᠤᠨ᠎ᠠ! ᠪᠣᠯᠬᠤ ᠤᠤ?
ᠳᠡᠭᠦᠦ᠄ ᠡᠨᠡ ᠤᠴᠢᠷ ᠢ᠋ ᠪᠣᠳᠣᠯᠬᠢᠯᠠᠬᠤ ᠴᠢᠬᠤᠯᠠᠲᠠᠢ᠃ ᠨᠠᠭᠠᠳᠤᠮ ᠪᠢᠰᠢ ᠰᠢᠦ! ᠪᠠᠷᠠᠭᠤᠨ ᠠᠢᠯ ᠤ᠋ᠨ ᠪᠠᠷᠳᠠᠮ ᠬᠡᠦᠬᠡᠳ ᠦ᠋ᠳ ᠪᠠᠰᠠ ᠶᠠᠭᠤ ᠭᠡᠵᠦ ᠬᠡᠯᠡᠬᠦ ᠶ᠋ᠢ ᠬᠠᠷᠠᠵᠤ ᠪᠠᠢᠶ᠎ᠠ ᠳᠠ!
ᠥᠭᠡᠷ᠎ᠡ ᠬᠥᠮᠥᠰ ᠤᠨ ᠶᠠᠷᠢᠯᠴᠠᠭ᠎ᠠ᠄
ᠠᠪᠬᠤ ᠬᠥᠮᠥᠨ ᠪᠥᠬᠥᠢᠵᠦ ᠂ᠥᠭᠬᠦ ᠬᠥᠮᠥᠨ ᠭᠡᠳᠡᠢᠨᠡ
ᠭᠣᠶᠣᠨᠠ ᠭᠡᠳᠡᠭ ᠭᠤᠲᠤᠮᠰᠢᠭ ᠭᠤᠶᠤᠯᠠᠭᠠᠨᠠ ᠭᠡᠳᠡᠭ ᠭᠠᠢᠬᠠᠮᠰᠢᠭ
ᠦᠬᠦᠭᠰᠡᠨ ᠲᠡᠮᠡᠭᠡᠨ ᠡᠴᠡ ᠡᠮᠡᠭᠡᠨ ᠤᠩᠭᠠᠰᠤ ᠭᠣᠶᠣᠯᠠ
ᠢᠷᠡᠯᠲᠡ᠄
ᠪᠠᠢᠨᠠᠤ ᠡᠴᠡ
