ᠣᠷᠣᠯᠠᠨ ᠲᠣᠭᠯᠠᠭᠴᠢ – ᠰ ᠂ ᠳᠠᠱᠢᠳᠣᠣᠷᠣᠪ Орлон тоглогч – С ᠂ Дашидооров ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠣᠯᠠᠨ ᠲᠣᠭᠯᠠᠭᠴᠢ – ᠰ ᠂ ᠳᠠᠱᠢᠳᠣᠣᠷᠣᠪ Орлон тоглогч – С ᠂ Дашидооров

ᠣᠷᠣᠯᠠᠨ ᠲᠣᠭᠯᠠᠭᠴᠢ – ᠰ ᠂ ᠳᠠᠱᠢᠳᠣᠣᠷᠣᠪ Орлон тоглогч – С ᠂ Дашидооров

ᠠᠩᠭᠢᠯᠠᠯ:ᠬᠣᠱᠣᠩ ᠱᠣᠭ
2023-09-15

340

ᠣᠷᠣᠯᠠᠨ ᠲᠣᠭᠯᠠᠭᠴᠢ


                                       ( ᠬᠣᠱᠣᠩ ᠥᠭᠦᠯᠡᠯᠭᠡ ) 

       ᠤᠷᠠᠨ ᠵᠣᠬᠢᠶᠠᠯ ᠰᠤᠨᠢᠷᠬᠠᠭᠴᠢ ᠪᠢᠳᠠᠨ ᠤ ᠬᠡᠳᠦᠨ ᠵᠠᠯᠠᠭᠤᠰ ᠠᠢᠮᠠᠭ ᠤᠨ ᠰᠣᠨᠢᠨ ᠤ ᠭᠠᠵᠠᠷ ᠤᠨ ᠨᠢᠭᠡ ᠵᠢᠭᠠᠬᠠᠨ ᠥᠷᠥᠭᠡᠨ ᠳᠦ ᠬᠠᠶᠠ ᠴᠤᠭᠯᠠᠷᠠᠳᠠᠭ ᠪᠠᠢᠯ᠎ᠠ᠃ ᠨᠢᠭᠡᠨ ᠤᠳᠠᠭ᠎ᠠ ᠪᠢᠳᠡ ᠬᠡᠳᠦ ᠠᠨᠠᠢ ᠯᠠ ᠵᠠᠩ ᠢᠶᠠᠷ ᠢᠶᠠᠨ ᠪᠡᠶ᠎ᠡ ᠪᠡᠶᠡᠨ ᠦ ᠪᠡᠨ ᠰᠢᠯᠦᠭ ᠢ ᠰᠣᠨᠣᠰᠴᠤ ᠥᠷᠥᠭᠡ ᠪᠡᠷ ᠢᠶᠡᠨ ᠳᠦᠭᠦᠷᠡᠩ ᠲᠠᠮᠠᠬᠢᠨ ᠤ᠋ ᠤᠲᠤᠭ᠎ᠠ ᠰᠤᠭᠤᠨᠠᠭᠯᠠᠭᠤᠯᠤᠨ ᠱᠤᠤᠭᠢᠯᠳᠤᠵᠤ  ᠪᠠᠢᠯ᠎ᠠ᠃ ᠬᠥᠮᠦᠨ ᠬᠥᠮᠦᠨ ᠦ ᠰᠢᠯᠦᠭ ᠰᠠᠢᠨ ᠰᠠᠢᠬᠠᠨ ᠰᠠᠨᠠᠭᠳᠠᠭᠰᠠᠨ ᠢᠶᠠᠷ ᠪᠠᠷᠠᠬᠤ ᠦᠭᠡᠢ ᠪᠢᠳᠡ ᠬᠡᠳᠦ ᠰᠢᠭ ᠠᠯᠳᠠᠷᠲᠠᠢ ᠵᠣᠬᠢᠶᠠᠯᠴᠢ᠂ ᠢᠷᠠᠭᠤ ᠨᠠᠢᠷᠠᠭᠴᠢ᠂ ᠡᠨᠡᠬᠡᠨ ᠬᠣᠷᠸ᠎ᠠ ᠳᠤ ᠦᠭᠡᠢ ᠰᠢᠭ ᠪᠠᠢᠯ᠎ᠠ᠃ ᠲᠡᠭᠡᠲᠡᠯ᠎ᠡ ᠨᠢᠭᠡ ᠬᠥᠮᠦᠨ ᠣᠷᠣᠵᠤ ᠢᠷᠡᠯ᠎ᠡ᠃ ᠲᠡᠷᠡ ᠪᠡᠷ ᠪᠦᠳᠦᠭᠦᠨ ᠳᠠᠭᠤ  ᠪᠠᠷ ᠮᠡᠨᠳᠦᠯᠡᠵᠦ᠂ ᠪᠢᠳᠠᠨ ᠢ ᠨᠢᠭᠡᠨᠲᠡ ᠲᠣᠭᠣᠷᠢᠭᠤᠯᠤᠨ ᠵᠢᠷᠳᠠᠭᠠᠢᠳᠠᠭᠤ ᠨᠢᠳᠦ ᠪᠡᠷ ᠠᠵᠢᠨ ᠬᠠᠷᠠᠪᠠ᠃ ᠪᠢᠳᠡᠨ ᠳᠡᠭᠡᠷ᠎ᠡ ᠪᠠᠰᠠ ᠨᠢᠭᠡ ᠰᠢᠨ᠎ᠡ ᠬᠥᠮᠦᠨ ᠨᠡᠮᠡᠵᠦ ᠢᠷᠡᠪᠡ ᠤᠤ? ᠭᠡᠵᠦ ᠪᠢ ᠪᠣᠳᠣᠯ᠎ᠠ᠃ ᠲᠡᠷᠡ ᠪᠡᠷ ᠨᠠᠰᠤ ᠭᠤᠴᠢ ᠭᠠᠷᠴᠤ ᠶᠠᠪᠤᠭ᠎ᠠ ᠪᠣᠯᠣᠯᠲᠠᠢ᠃ ᠮᠣᠩᠬᠣᠷᠳᠠᠭᠤ ᠬᠠᠮᠠᠷ ᠲᠠᠢ᠂ ᠴᠠᠢᠪᠤᠷ ᠴᠢᠷᠠᠢ ᠲᠠᠢ ᠳᠡᠭᠵᠢᠨ ᠬᠤᠪᠴᠠᠰᠤᠯᠠᠭᠰᠠᠨ ᠬᠥᠮᠦᠨ ᠪᠠᠢᠯ᠎ᠠ᠃ ᠭᠠᠷ ᠲᠠᠭᠠᠨ ᠲᠣᠮᠣ ᠭᠡᠭᠴᠢ ᠶᠢᠨ ᠪᠢᠴᠢᠭ ᠦᠨ ᠰᠠᠪᠠ ᠪᠠᠷᠢᠭᠰᠠᠨ ᠬᠠᠷᠠᠭᠳᠠᠪᠠ ᠃ ᠪᠠᠷᠠᠭᠤᠨ ᠭᠠᠷ ᠤ᠋ᠨ ᠢᠳᠠᠮ ᠬᠤᠷᠤᠭᠤᠨ ᠳᠤ ᠰᠢᠷᠠᠮᠠᠯ ᠪᠦᠳᠦᠭᠦᠨ ᠪᠥᠭᠡᠵᠢ ᠭᠢᠯᠠᠯᠵᠠᠨ᠎ᠠ᠂ ᠲᠡᠷᠡ ᠬᠥᠮᠦᠨ ᠡᠭᠦᠳᠡᠨ ᠳᠦ ᠨᠢᠭᠡ ᠬᠣᠶᠠᠷ ᠠᠭᠱᠠᠨ ᠵᠣᠭᠰᠣᠭᠰᠠᠨ ᠢ᠋ᠶ᠋ᠠᠨ᠄
       – ᠵᠣᠬᠢᠶᠠᠯ ᠬᠡᠯᠡᠯᠴᠡᠵᠦ ᠪᠠᠢᠨ᠎ᠠ ᠤᠤ ᠭᠡᠪᠡ ᠃ 
       – ᠲᠡᠢᠮᠦ ᠡ᠂ ᠬᠡᠯᠡᠯᠴᠡᠬᠦ ᠴᠦ᠍ ᠭᠡᠵᠦ ᠳ᠋ᠠ᠂ ᠵᠦᠭᠡᠷ ᠯᠠ ᠤᠩᠰᠢᠵᠤ ᠪᠠᠢᠨ᠎ᠠ ᠭᠡᠪᠡᠯ᠂
       – ᠤᠤᠬᠠᠢᠰ  ᠭᠡᠳ  ᠪᠢᠳᠠᠨ ᠢ ᠡᠷᠭᠢᠨ ᠲᠣᠭᠣᠷᠢᠨ ᠬᠠᠷᠠᠪᠠ᠃
       ᠮᠠᠨ ᠤ ᠬᠢᠨ ᠨᠢᠭᠡ ᠮᠠᠨᠢ ᠶᠡᠬᠡ ᠯᠠ ᠰᠢᠮᠲᠦᠩᠭᠦᠢ ᠄
       – ᠲᠠ ᠪᠠᠰᠠ ᠵᠣᠬᠢᠶᠠᠯ ᠣᠷᠣᠯᠳᠤᠳᠠᠭ ᠤᠤ ᠭᠡᠯ᠎ᠡ᠃ ᠲᠡᠷᠡ ᠪᠡᠷ ᠡᠨᠡ ᠠᠰᠠᠭᠤᠯᠲᠠ ᠶᠢ ᠲᠡᠳᠦᠢ ᠯᠠ ᠣᠢᠰᠢᠶᠠᠭᠰᠠᠨ ᠦᠭᠡᠢ ᠪᠣᠯᠣᠯᠲᠠᠢ᠂ ᠠᠮᠠᠨ ᠳ᠋ᠠᠭᠠᠨ ᠶᠠᠮᠠᠷ ᠨᠢᠭᠡᠨ ᠦᠭᠡ ᠪᠠᠪᠠᠲᠤᠨᠠᠨ ᠥᠭᠦᠯᠡᠵᠦ ᠲᠡᠷᠡᠦᠬᠡᠨ ᠳ᠋ᠡᠭᠡᠨ ᠲᠣᠯᠣᠭᠠᠢ ᠲᠣᠬᠢᠰᠭᠢᠪᠡ᠃ ᠲᠡᠷᠡ ᠲᠣᠯᠣᠭᠠᠢ ᠳᠣᠬᠢᠯᠲᠠ ᠨᠥᠭᠥᠭᠡ ᠠᠰᠠᠭᠤᠯᠲᠠ ᠳᠤ ᠬᠠᠷᠢᠭᠤᠯᠤᠭ᠎ᠠ ᠦᠭᠡᠢ ᠨᠢ ᠲᠣᠳᠣᠷᠬᠠᠢ ᠪᠣᠯᠪᠠ᠃ ᠲᠡᠭᠡᠭᠡᠳ ᠨᠥᠭᠥᠭᠡ ᠬᠥᠮᠦᠨ ᠮᠠᠨᠢ ᠨᠢᠭᠡ ᠰᠠᠨᠳᠠᠯᠢ ᠠᠪᠴᠤ ᠰᠢᠷᠡᠭᠡ ᠤᠷᠤᠭᠤ ᠳᠥᠬᠥᠭᠦᠯᠵᠦ ᠰᠠᠭᠤᠭᠠᠳ ᠪᠢᠴᠢᠭ ᠦ᠋ᠨ ᠰᠠᠪᠠ ᠪᠠᠨ ᠰᠢᠷᠡᠭᠡᠨ ᠳᠡᠭᠡᠷ᠎ᠡ ᠫᠠᠳ ᠬᠢᠲᠡᠯ᠎ᠡ ᠲᠠᠯᠪᠢᠵᠤ ᠄
       – ᠵᠦᠢᠲᠡᠢ ᠭᠡᠪᠡ᠃ ᠪᠢᠳᠡ ᠭᠠᠢᠬᠠᠨ ᠪᠡᠶ᠎ᠡ ᠪᠡᠶ᠎ᠡ ᠪᠡᠨ ᠬᠠᠷᠠᠵᠠᠭᠠᠪᠠ᠃ ᠲᠡᠭᠡᠲᠡᠯ᠎ᠡ ᠲᠡᠷᠡ᠄
       – ᠵᠠ ᠪᠢ ᠲᠥᠪ ᠡᠴᠡ ᠶᠠᠪᠤᠭ᠎ᠠ ᠵᠣᠬᠢᠶᠠᠯᠴᠢ ᠯᠤ ᠭᠡᠳᠡᠭ ᠭᠡᠪᠡ᠃
       ᠪᠢᠳᠡ ᠨᠡᠷ᠎ᠡ ᠳ᠋ᠦ᠍ ᠭᠠᠷᠤᠭᠰᠠᠨ ᠵᠣᠬᠢᠶᠠᠯᠴᠢ ᠭᠡᠨᠡᠳᠲᠡ ᠣᠷᠣᠵᠤ ᠢᠷᠡᠭᠰᠡᠨ ᠳ᠋ᠦ᠍ ᠤᠴᠢᠷ ᠦᠭᠡᠢ ᠪᠡᠶᠡᠰᠴᠦ᠂ ᠪᠠᠰᠠ ᠳᠣᠲᠣᠷ᠎ᠠ ᠪᠠᠨ ᠡᠮᠢᠶᠡᠰᠬᠢᠨ ᠵᠠᠮᠪᠠᠷᠠᠭ᠎ᠠ ᠦᠭᠡᠢᠬᠡᠨ ᠪᠠᠢᠭᠰᠠᠨ ᠳ᠋ᠠᠭᠠᠨ ᠬᠣᠯᠴᠢᠢᠰᠬᠢᠪᠡ᠃ ᠵᠠᠷᠢᠮ ᠮᠠᠨᠢ ᠲᠠᠲᠠᠵᠤ ᠪᠠᠢᠭᠰᠠᠨ ᠲᠠᠮᠠᠬᠢ ᠪᠠᠨ ᠤᠨᠲᠠᠷᠠᠭᠠᠵᠤ᠂ ᠲᠠᠮᠠᠬᠢᠨ ᠤ᠋ ᠪᠠᠨ ᠤᠲᠤᠭ᠎ᠠ ᠶ᠋ᠢ ᠨᠠᠮᠳᠠᠭᠠᠬᠤ ᠭᠡᠵᠦ ᠣᠢᠷ᠎ᠠ ᠬᠠᠪᠢ ᠶ᠋ᠢᠨ ᠢ᠋ᠶ᠋ᠡᠨ ᠤᠲᠤᠭ᠎ᠠ ᠶ᠋ᠢ ᠭᠠᠷ ᠢ᠋ᠶ᠋ᠠᠷ ᠢ᠋ᠶ᠋ᠠᠨ ᠰᠠᠪᠠᠵᠤ ᠬᠥᠭᠡᠭᠡᠯ᠎ᠡ᠃ ᠪᠢᠳᠡᠨ ᠦ᠌ ᠳᠤᠮᠳᠠ ᠶᠡᠷᠦ ᠨᠡᠷ᠎ᠡ ᠳ᠋ᠦ᠍ ᠭᠠᠷᠤᠭᠰᠠᠨ ᠵᠣᠬᠢᠶᠠᠯᠴᠢ ᠲᠠᠢ ᠠᠭᠤᠯᠵᠠᠵᠤ ᠶᠠᠪᠤᠭᠰᠠᠨ ᠬᠥᠮᠦᠨ ᠦᠭᠡᠢ ᠪᠥᠭᠡᠳ ᠵᠠᠪᠰᠢᠶᠠᠨ ᠢ᠋ᠶ᠋ᠠᠷ ᠢᠩᠭᠢᠵᠦ ᠤᠴᠠᠷᠠᠭᠰᠠᠨ ᠤ᠋ ᠬᠢ ᠵᠥᠪᠯᠡᠯᠭᠡ ᠰᠤᠷᠭᠠᠯ ᠢ᠋ ᠨᠢ ᠬᠦᠷᠲᠡᠭᠦ ᠶᠢᠨ ᠪᠣᠳᠣᠯ ᠳ᠋ᠤ᠌ ᠠᠪᠲᠠᠯ᠎ᠠ᠃
      ᠲᠡᠭᠡᠲᠡᠯ᠎ᠡ ᠵᠣᠬᠢᠶᠠᠯᠴᠢ ᠮᠠᠨᠢ ᠪᠢᠴᠢᠭ ᠦᠨ ᠰᠠᠪᠠ ᠪᠠᠨ ᠨᠡᠭᠡᠭᠡᠵᠦ ᠮᠠᠰᠢᠨ ᠢᠶᠠᠷ ᠢᠷᠠᠢᠲᠠᠯ᠎ᠠ ᠴᠤᠬᠢᠭᠰᠠᠨ ᠡᠳᠦᠢ ᠲᠡᠳᠦᠢ ᠬᠠᠭᠤᠳᠠᠰᠤ ᠰᠢᠯᠦᠭ ᠭᠠᠷᠭᠠᠯ᠎ᠠ᠃
       – ᠵᠠ ᠤᠷᠢᠳ ᠢᠶᠠᠷ ᠲᠠ ᠨᠠᠷ ᠤᠨ ᠬᠡᠨ ᠨᠢᠭᠡᠨ ᠦ᠌ ᠰᠢᠯᠦᠭ ᠢ᠋ ᠰᠣᠨᠣᠰᠤᠶ᠎ᠠ ᠭᠡᠪᠡ᠃ ᠪᠢᠳᠡ ᠰᠢᠯᠦᠭ ᠢ᠋ᠶ᠋ᠡᠨ ᠵᠣᠷᠢᠭ ᠵᠢᠷᠦᠬᠡ ᠲᠡᠢ ᠤᠩᠰᠢᠵᠤ ᠪᠠᠢᠭᠰᠠᠨ ᠲᠠᠪᠠᠯᠤᠭᠤᠨ ᠵᠠᠩ ᠢ᠋ᠶ᠋ᠠᠨ ᠳᠠᠷᠤᠵᠠᠭᠠᠵᠤ᠂ ᠵᠣᠬᠢᠶᠠᠯᠴᠢ ᠶ᠋ᠢᠨ ᠰᠦᠷ ᠲᠦ᠍ ᠠᠪᠲᠠᠨ ᠨᠢᠭᠡ ᠬᠡᠰᠡᠭ ᠴᠢᠮᠡᠭᠡ ᠦᠭᠡᠢ ᠰᠠᠭᠤᠪᠠ᠃ ᠲᠡᠷᠡ ᠬᠥᠮᠦᠨ ᠬᠡᠳᠦᠨ ᠠᠭᠱᠠᠨ ᠬᠦᠯᠢᠶᠡᠵᠡᠨᠨᠡ ᠪᠠᠢᠭᠰᠠᠨ ᠢ᠋ᠶ᠋ᠠᠨ᠄
       – ᠵᠠ ᠲᠡᠢᠮᠦ ᠪᠠᠢᠵᠤ ᠭᠡᠵᠦ ᠥᠪᠡᠷ ᠲᠡᠭᠡᠨ ᠥᠭᠦᠯᠡᠭᠰᠡᠨ ᠢ᠋ᠶ᠋ᠡᠨ ᠨᠠᠮ᠎ᠠ ᠶ᠋ᠢ ᠵᠢᠭᠠᠵᠤ᠄
       – ᠵᠠ ᠴᠢ ᠤᠩᠰᠢ ᠭᠡᠯ᠎ᠡ᠃ ᠪᠢ ᠪᠠᠬᠠᠨ ᠡᠮᠢᠶᠡᠰᠬᠢᠵᠤ ᠬᠠᠮᠤᠭ ᠤ᠋ᠨ ᠰᠠᠢᠨ ᠭᠡᠰᠡᠨ ᠨᠢᠭᠡ ᠤᠶᠠᠩᠭ᠎ᠠ ᠶ᠋ᠢᠨ ᠰᠢᠯᠦᠭ ᠢ᠋ᠶ᠋ᠡᠨ ᠤᠩᠰᠢᠯ᠎ᠠ᠃ ᠨᠥᠬᠥᠳ ᠮᠠᠨᠢ ᠲᠡᠷᠡ ᠰᠢᠯᠦᠭ ᠢ᠋ ᠰᠣᠨᠣᠰᠤᠭᠰᠠᠨ ᠪᠣᠯᠬᠣᠷ ᠣᠨᠴᠠ ᠠᠩᠬᠠᠷᠤᠭᠰᠠᠨ ᠦᠭᠡᠢ᠂ ᠬᠠᠷᠢᠨ ᠵᠣᠬᠢᠶᠠᠯᠴᠢ ᠶ᠋ᠢ ᠲᠠᠭᠠᠰᠢᠶᠠᠵᠤ ᠪᠠᠢᠨ᠎ᠠ ᠤᠤ ᠦᠭᠡᠢ ᠤᠤ ᠭᠡᠳᠡᠭ ᠢ᠋ ᠲᠡᠭᠦᠨ ᠦ᠌ ᠨᠢᠭᠤᠷ ᠴᠢᠷᠠᠢ ᠠ᠋ᠴᠠ ᠨᠢ ᠣᠯᠵᠤ ᠬᠠᠷᠠᠬᠤ ᠶ᠋ᠢ ᠬᠢᠴᠢᠶᠡᠭᠰᠡᠨ ᠶᠠᠩᠵᠤ ᠲᠠᠢ ᠬᠠᠷᠠᠵᠠᠭᠠᠵᠤ ᠪᠠᠢᠯ᠎ᠠ᠃ ᠨᠠᠮ᠎ᠠ ᠶ᠋ᠢ ᠰᠢᠯᠦᠭ ᠦ᠋ᠨ ᠢ᠋ᠶ᠋ᠡᠨ ᠰᠡᠭᠦᠯᠴᠢ ᠶ᠋ᠢᠨ ᠮᠥᠷ ᠢ᠋ ᠤᠩᠰᠢᠵᠤ ᠳᠠᠭᠤᠰᠲᠠᠯ᠎ᠠ ᠯᠤ ᠭᠤᠸᠠᠢ᠄
       – ᠪᠣᠯᠤᠭ᠎ᠠ ᠦᠭᠡᠢ ᠪᠠᠢᠨ᠎ᠠ᠂ ᠲᠦᠭᠦᠬᠡᠢ ᠪᠡᠷ ᠢ᠋ᠶ᠋ᠡᠨ ᠪᠠᠢᠨ᠎ᠠ᠃ ᠠ᠋ ᠳᠠ ᠵᠠᠯᠠᠭᠤ ᠴᠢ ᠶᠠᠭᠠᠬᠢᠭ᠎ᠠ ᠴᠤ ᠦᠭᠡᠢ ᠪᠠᠢᠨ᠎ᠠ ᠭᠡᠯ᠎ᠡ᠃ ᠲᠡᠭᠡᠭᠰᠡᠨ ᠢ᠋ᠶ᠋ᠡᠨ ᠪᠣᠳᠣᠯ ᠪᠣᠯᠤᠨ ᠲᠡᠷᠢᠭᠦᠨ ᠢ᠋ᠶ᠋ᠡᠨ ᠬᠡᠯᠵᠡᠢᠯᠭᠡᠨ ᠶᠠᠮᠠᠷ ᠨᠢᠭᠡ ᠶᠠᠭᠤᠮ᠎ᠠ ᠪᠢᠰᠢᠯᠭᠠᠪᠠ᠃ ᠨᠥᠬᠥᠳ ᠮᠠᠨᠢ ᠮᠢᠨᠦ ᠰᠢᠯᠦᠭ ᠢ᠋ ᠬᠡᠳᠦᠨ ᠮᠥᠴᠡ ᠶ᠋ᠢᠨ ᠲᠡᠷᠢᠭᠦᠨ ᠳ᠋ᠦ᠍ ᠲᠡᠭᠷᠢ ᠲᠤᠯᠲᠠᠯ᠎ᠠ ᠮᠠᠭᠲᠠᠭᠰᠠᠨ ᠪᠣᠯᠬᠣᠷ ᠨᠠᠳᠠ ᠠ᠋ᠴᠠ ᠡᠴᠡ ᠴᠦ᠍ ᠰᠠᠨᠠᠭ᠎ᠠ ᠵᠣᠪᠠᠭᠰᠠᠨ ᠶᠠᠩᠵᠤ ᠲᠠᠢ᠂ ᠭᠡᠬᠦ ᠳ᠋ᠡᠭᠡᠨ ᠵᠣᠬᠢᠶᠠᠯᠴᠢ ᠶ᠋ᠢ ᠶᠠᠭᠤ ᠭᠡᠵᠦ ᠬᠡᠯᠡᠬᠦ ᠶ᠋ᠢ ᠬᠦᠯᠢᠶᠡᠵᠦ ᠲᠣᠪ ᠳᠤᠭᠤᠢ ᠰᠠᠭᠤᠵᠠᠭᠠᠨ᠎ᠠ᠃ ᠵᠣᠬᠢᠶᠠᠯᠴᠢ ᠮᠠᠨᠢ ᠰᠠᠶᠢ ᠠᠮᠠ ᠨᠡᠭᠡᠭᠡᠵᠦ᠄
       – ᠵᠠ ᠶᠡᠷᠦᠩᠬᠡᠢ ᠳ᠋ᠡᠭᠡᠨ ᠣᠢᠯᠠᠭᠠᠮᠵᠢᠲᠠᠢ᠂ ᠪᠢ ᠲᠠ ᠨᠠᠷ ᠲᠤ᠌ ᠥᠪᠡᠷ ᠦ᠋ᠨ ᠢ᠋ᠶ᠋ᠡᠨ ᠰᠢᠯᠦᠭ ᠵᠣᠬᠢᠶᠠᠯ ᠠ᠋ᠴᠠ ᠤᠩᠰᠢᠶ᠎ᠠ᠃ ᠤᠷᠠᠨ ᠵᠣᠬᠢᠶᠠᠯ ᠪᠢᠴᠢᠨ᠎ᠡ ᠭᠡᠳᠡᠭ ᠬᠢᠯᠪᠠᠷ ᠦᠭᠡᠢ᠃ ᠵᠠᠯᠠᠭᠤ ᠶ᠋ᠢᠨ ᠰᠢᠯᠦᠭ ᠰᠢᠯᠦᠭ ᠪᠢᠰᠢ ᠠ᠋᠂ ᠤᠷᠠᠨ ᠰᠢᠯᠦᠭ ᠢ᠋ ᠡᠢᠮᠦᠷᠬᠦᠦ ᠪᠢᠴᠢᠬᠦ ᠬᠡᠷᠡᠭᠲᠡᠢ ᠭᠡᠳ ᠥᠪᠡᠷ ᠦ᠋ᠨ ᠢ᠋ᠶ᠋ᠡᠨ ᠵᠣᠬᠢᠶᠠᠯ ᠠ᠋ᠴᠠ ᠤᠩᠰᠢᠯ᠎ᠠ᠃ ᠪᠢᠳᠡᠨ ᠦ᠌ ᠯᠡ ᠪᠢᠴᠢᠳᠡᠭ ᠰᠢᠯᠦᠭ ᠡᠴᠡ ᠣᠨᠴᠠ ᠭᠣᠢᠳᠠ ᠶ᠋ᠢᠨ ᠢᠯᠡᠭᠦᠦ ᠭᠠᠷᠬᠤ ᠪᠠᠷ ᠶᠠᠭᠤᠮ᠎ᠠ ᠦᠭᠡᠢ ᠪᠠᠢᠪᠠ᠃ ᠲᠠᠪᠤ ᠵᠢᠷᠭᠤᠭᠠᠨ ᠰᠢᠯᠦᠭ ᠤᠩᠰᠢᠭᠰᠠᠨ ᠢ᠋ᠶ᠋ᠠᠨ᠄
       – ᠵᠠᠯᠠᠭᠤᠴᠤᠳ ᠮᠢᠨᠢ᠂ ᠶᠡᠷᠦ ᠨᠢ ᠵᠣᠬᠢᠶᠠᠯ ᠰᠢᠯᠦᠭ ᠭᠡᠳᠡᠭ ᠰᠠᠨᠠᠮᠰᠠᠷ ᠦᠭᠡᠢ ᠣᠷᠣᠵᠤ ᠢᠷᠡᠬᠦ ᠨᠢ ᠣᠯᠠᠨᠲᠠ᠂ ᠰᠠᠶᠢ ᠶ᠋ᠢᠨ ᠰᠢᠯᠦᠭ ᠦ᠋ᠳ ᠢ᠋ ᠪᠢ ᠨᠢᠭᠡ ᠯᠡ ᠣᠷᠣᠢ ᠪᠢᠴᠢᠭᠰᠡᠨ᠃ ᠵᠠ ᠡᠨᠡ ᠰᠢᠯᠦᠭ ᠢ᠋ ᠭᠡᠳ ᠁ ᠨᠢᠭᠡ ᠬᠠᠭᠤᠳᠠᠰᠤ ᠳᠡᠭᠡᠭᠰᠢ ᠡᠷᠭᠦᠭᠡᠳ 《 ᠶᠠᠭᠠᠬᠢᠵᠤ ᠪᠢᠴᠢᠭᠰᠡᠨ ᠢ᠋ᠶ᠋ᠡᠨ ᠶᠠᠷᠢᠶ᠎ᠠ᠂ ᠪᠢᠨ ᠨᠢᠭᠡ ᠣᠷᠣᠢ ᠠᠵᠢᠯ ᠠ᠋ᠴᠠ ᠪᠠᠨ ᠭᠡᠷ ᠲᠡᠭᠡᠨ ᠢᠷᠡᠯ᠎ᠡ ᠃ ᠲᠡᠭᠡᠲᠡᠯ᠎ᠡ ᠭᠡᠨᠡᠳᠲᠡ ᠰᠠᠨᠠᠭᠠᠨ ᠳ᠋ᠤ᠌ ᠡᠢᠮᠦ ᠨᠢᠭᠡ ᠶᠠᠭᠤᠮ᠎ᠠ ᠣᠷᠣᠭᠠᠳ ᠢᠷᠡᠯ᠎ᠡ ᠃ ᠳᠡᠪᠡᠯ ᠬᠤᠪᠴᠠᠰᠤ ᠪᠠᠨ ᠴᠦ᠍ ᠲᠠᠢᠯᠤᠭᠰᠠᠨ ᠦᠭᠡᠢ ᠮᠠᠷᠲᠠᠬᠤ ᠠ᠋ᠴᠠ ᠪᠠᠨ ᠡᠮᠦᠨ᠎ᠡ ᠪᠢᠴᠢᠬᠦ ᠮᠢᠨᠢ ᠭᠡᠳ ᠯᠡ ᠳᠣᠣᠷ᠎ᠠ ᠨᠢ ᠴᠠᠭᠠᠰᠤ ᠦᠵᠦᠭ ᠭᠠᠷᠭᠠᠭᠠᠳ ᠪᠢᠴᠢᠭᠰᠡᠨ 》ᠭᠡᠪᠡ᠃ ᠪᠢᠳᠠ ᠪᠠᠬᠠᠷᠬᠠᠨ ᠪᠢᠰᠢᠷᠡᠪᠡ᠂ ᠵᠣᠬᠢᠶᠠᠯᠴᠢ ᠲᠡᠷᠡ ᠰᠢᠯᠦᠭ ᠢ᠋ᠶ᠋ᠡᠨ ᠤᠩᠰᠢᠪᠠ᠃ ᠰᠢᠯᠦᠭ ᠦ᠋ᠨ ᠨᠡᠷ᠎ᠡ ᠨᠢ 《 ᠴᠡᠴᠡᠭ ᠰᠢᠭ ᠬᠣᠩᠭᠣᠷᠬᠠᠨ ᠠᠮᠠᠷᠠᠭ ᠮᠢᠨᠢ 》 ᠭᠡᠵᠦ ᠪᠠᠢᠯ᠎ᠠ᠃ ᠠᠮᠠᠷᠠᠭ ᠢᠨᠠᠭ ᠢ᠋ᠶ᠋ᠠᠨ ᠴᠡᠴᠡᠭ ᠲᠡᠢ ᠵᠦᠢᠷᠯᠡᠭᠡᠳ᠂ ᠦᠨᠦᠰᠬᠦ ᠳ᠋ᠦ᠍ ᠴᠢᠨᠢ ᠴᠡᠴᠡᠭ ᠦ᠋ᠨ ᠪᠠᠯ ᠰᠢᠭ᠋ ᠪᠠᠢᠳᠠᠭ ᠭᠡᠰᠡᠨ ᠯᠡ ᠰᠢᠯᠦᠭ ᠪᠠᠢᠯ᠎ᠠ᠃ ᠵᠣᠬᠢᠶᠠᠯᠴᠢ ᠰᠢᠯᠦᠭ ᠢ᠋ᠶ᠋ᠡᠨ ᠤᠩᠰᠢᠵᠤ ᠳᠠᠭᠤᠰᠤᠩᠭᠤᠲᠠ ᠪᠠᠨ᠄ 
       – ᠪᠢ ᠡᠭᠦᠨ ᠢ᠋ ᠲᠠᠪᠤᠬᠠᠨ ᠮᠢᠨᠦ᠋ᠲ ᠲᠦ᠍ ᠯᠡ ᠪᠢᠴᠢᠭᠰᠡᠨ᠂ ᠲᠡᠭᠡᠭᠡᠳ ᠪᠢ ᠤᠲᠠᠰᠤ ᠪᠠᠷ ᠬᠡᠨ ᠤᠷᠤᠭᠤ ᠶᠠᠷᠢᠪᠠ ᠴᠢ ᠮᠢᠨᠢ ! ( ᠨᠡᠷ᠎ᠡ ᠳ᠋ᠦ᠍ ᠭᠠᠷᠤᠭᠰᠠᠨ ᠨᠢᠭᠡ ᠵᠣᠬᠢᠶᠠᠯᠴᠢ ᠶ᠋ᠢᠨ ᠨᠡᠷ᠎ᠡ ᠶ᠋ᠢ ᠳᠤᠷᠠᠳᠪᠠ ) ᠮᠠᠭᠤ ᠵᠣᠯᠢᠭ ᠲᠤ᠌ ᠭᠠᠢᠬᠠᠭᠤᠯᠵᠤ ᠤᠩᠰᠢᠭᠰᠠᠨ᠂ ᠲᠡᠭᠦᠨ ᠦ᠌ ᠬᠣᠷᠣᠳᠠᠭᠰᠠᠨ ( ᠠᠲᠠᠭ᠎ᠠ ᠬᠥᠳᠡᠯᠬᠦ ) ᠭᠡᠳᠡᠭ ᠨᠢ ᠁ ᠭᠡᠳ ᠭᠠᠭᠴᠠᠭᠠᠷ ᠢ᠋ᠶ᠋ᠠᠨ ᠬᠥᠬᠥᠷᠡᠯ᠎ᠡ᠃ ᠪᠢ ᠳᠣᠲᠣᠷ᠎ᠠ ᠪᠠᠨ ᠵᠣᠬᠢᠶᠠᠯᠴᠢ ᠭᠡᠳᠡᠭ ᠬᠥᠮᠦᠨ ᠶᠠᠭᠤᠲᠠᠢ ᠰᠠᠢᠬᠠᠨ ᠶᠤᠮ ᠪᠣᠢ ᠭᠡᠵᠦ ᠪᠠᠬᠠᠷᠬᠠᠨ ᠶᠠᠭᠠᠬᠢᠬᠤ ᠪᠠᠷ ᠢ᠋ᠶ᠋ᠠᠨ ᠲᠡᠭᠡᠵᠦ ᠬᠤᠷᠳᠤᠨ ᠪᠢᠴᠢᠳᠡᠭ ᠶᠦᠮ ᠪᠣᠯ ᠭᠡᠵᠦ ᠪᠢᠰᠢᠷᠡᠨ ᠪᠣᠳᠣᠵᠤ ᠰᠠᠭᠤᠯ᠎ᠠ᠃ ᠲᠡᠭᠡᠭᠰᠡᠨ ᠢ᠋ᠶ᠋ᠡᠨ ᠵᠣᠬᠢᠶᠠᠯ ᠢ᠋ ᠣᠯᠠᠨ ᠳᠠᠬᠢᠨ ᠪᠢᠴᠢᠳᠡᠭ ᠣᠢᠭ᠎ᠠ ᠦᠭᠡᠢ ᠠᠵᠢᠯᠯᠠᠭ᠎ᠠ ᠱᠠᠭᠠᠷᠳᠠᠳᠠᠭ ᠭᠡᠵᠦ ᠰᠣᠨᠢᠨ ᠰᠡᠳᠬᠦᠯ ᠡᠴᠡ ᠵᠥᠩᠳᠡᠭᠡᠨ ᠤᠩᠰᠢᠭᠰᠠᠨ ᠢ᠋ᠶ᠋ᠠᠨ ᠤᠷᠠᠨ ᠴᠢᠳᠠᠪᠤᠷᠢ᠂ ᠤᠷᠠᠨ ᠳᠦᠷᠰᠦᠯᠡᠯ ᠵᠣᠬᠢᠶᠠᠯ ᠳ᠋ᠤ᠌ ᠣᠨᠴᠠ ᠬᠡᠷᠡᠭᠲᠡᠢ ᠭᠡᠵᠦ ᠨᠢᠭᠡ ᠵᠣᠬᠢᠶᠠᠯᠴᠢ ᠶ᠋ᠢᠨ ᠪᠢᠴᠢᠭᠰᠡᠨ ᠢ᠋ ᠰᠠᠨᠠᠵᠤ ᠰᠠᠭᠤᠯ᠎ᠠ᠃ ᠲᠡᠭᠡᠭᠡᠳ ᠨᠢᠭᠡ ᠯᠡ ᠵᠣᠬᠢᠶᠠᠯᠴᠢ ᠪᠣᠯᠴᠢᠬᠠᠪᠠᠯ ᠰᠢᠯᠦᠭ ᠪᠢᠴᠢᠨ᠎ᠡ ᠭᠡᠳᠡᠭ ᠱᠦᠳᠡᠨᠵᠡ ᠬᠠᠪᠢᠷᠬᠤ ᠠ᠋ᠴᠠ ᠴᠦ᠍ ᠲᠦᠪᠡᠭ ᠦᠭᠡᠢ ᠶᠠᠭᠤᠮ᠎ᠠ ᠪᠠᠢᠵᠤ ᠳᠠ ᠭᠡᠵᠦ ᠪᠣᠳᠣᠯ᠎ᠠ᠃ 
       – ᠲᠠ ᠶᠠᠭᠠᠬᠢᠵᠤ ᠵᠣᠬᠢᠶᠠᠯᠴᠢ ᠪᠣᠯᠤᠭᠰᠠᠨ ᠪᠣᠢ ᠭᠡᠵᠦ ᠨᠢᠭᠡ ᠶ᠋ᠢ ᠮᠠᠨᠢ ᠠᠰᠠᠭᠤᠬᠤ ᠳ᠋ᠤ᠌ ᠵᠣᠬᠢᠶᠠᠯᠴᠢ ᠪᠡᠶᠡᠰᠦᠨ 
       – ᠲᠡᠷᠡ ᠶᠡᠬᠡ ᠰᠣᠨᠢᠨ ᠡᠬᠢᠯᠡᠭᠰᠡᠨ ᠠ᠋ ! 
       – ᠨᠢᠭᠡ ᠤᠳᠠᠭ᠎ᠠ ᠪᠢ ᠵᠠᠬ᠎ᠠ ᠳᠡᠭᠡᠭᠦᠷ ᠶᠠᠪᠤᠵᠤ ᠪᠠᠢᠭᠠᠳ ᠬᠠᠷᠢᠬᠤ ᠳ᠋ᠠᠭᠠᠨ ᠦᠯᠢᠭᠡᠷ ᠦ᠋ᠨ ᠳᠠᠭᠢᠨᠢ ᠰᠢᠭ᠋ ᠬᠡᠦᠬᠡᠨ ᠬᠠᠷᠠᠯ᠎ᠠ᠃ ᠲᠡᠷᠡ ᠰᠢᠭ ᠬᠡᠦᠬᠡᠨ ᠤᠲᠤ ᠪᠣᠯᠲᠠᠯ᠎ᠠ ᠬᠠᠷᠠᠭ᠎ᠠ ᠦᠭᠡᠢ᠂ ᠰᠠᠢᠬᠠᠨ ᠠᠮᠢᠲᠠᠨ ᠠ᠋ ! ᠲᠡᠭᠡᠭᠡᠳ ᠯᠡ ᠪᠢ 《 ᠬᠣᠩᠭᠣᠷ ᠴᠢᠮ᠎ᠠ ᠶ᠋ᠢ ᠬᠠᠷᠠᠭᠠᠳ ᠬᠣᠣᠰ ᠦᠭᠡᠢ ᠬᠠᠢᠷ᠎ᠠ ᠮᠢᠨᠢ ᠣᠷᠭᠢᠯᠤᠭᠠᠳ 》ᠭᠡᠳ ᠪᠢᠴᠢᠯ᠎ᠡ᠂ ᠲᠠᠪᠤ ᠵᠢᠷᠭᠤᠭᠠᠨ ᠪᠠᠳᠠᠭ ᠪᠢᠴᠢᠴᠢᠬᠡᠯ᠎ᠡ᠂ ᠤᠩᠰᠢᠭᠠᠳ ᠦᠵᠡᠭᠰᠡᠨ ᠨᠢ ᠳᠣᠬᠢ ᠠ᠋᠃ ᠮᠠᠷᠭᠠᠰᠢ ᠨᠢ ᠠᠵᠢᠯ ᠳ᠋ᠠᠭᠠᠨ ᠴᠦ᠍ ᠤᠴᠢᠭᠰᠠᠨ ᠦᠭᠡᠢ ᠰᠢᠭᠤᠳ ᠯᠠ ᠵᠣᠬᠢᠶᠠᠯᠴᠢᠳ ᠤ᠋ᠨ ᠬᠣᠷᠢᠶᠠᠨ ᠳᠡᠭᠡᠷ᠎ᠡ ᠣᠴᠢᠵᠤ ᠵᠣᠬᠢᠶᠠᠯᠴᠢ ᠨᠠ‍  ᠲᠡᠢ ᠠᠭᠤᠯᠵᠠᠯ᠎ᠠ᠃ ᠲᠡᠭᠦᠨ ᠳ᠋ᠦ᠍ ᠤᠩᠰᠢᠯ᠎ᠠ᠂ ᠲᠡᠭᠦᠨ ᠦ᠌ ᠪᠠᠶᠠᠷᠯᠠᠵᠤ ᠪᠠᠢᠭ᠎ᠠ ᠭᠡᠳᠡᠭ ᠵᠢᠭᠲᠡᠢᠬᠡᠨ᠃ ᠲᠡᠷᠡ ᠲᠡᠭᠡᠭᠡᠳ 《 ᠵᠠ᠂ ᠮᠠᠨ ᠤ᠋ ᠤᠳᠬ᠎ᠠ ᠵᠣᠬᠢᠶᠠᠯ ᠳ᠋ᠤ᠌ ᠨᠢᠭᠡ ᠰᠢᠨ᠎ᠡ ᠢᠷᠠᠭᠤ ᠨᠠᠢᠷᠠᠭᠴᠢ ᠣᠷᠣᠵᠤ ᠢᠷᠡᠯ᠎ᠡ᠂  ᠵᠠ ᠯᠣ ᠮᠢᠨᠢ  ᠪᠢᠴᠢᠭᠡᠳ ᠪᠠᠢ᠂ ᠡᠨᠡ ᠰᠢᠯᠦᠭ ᠢ᠋ ᠴᠢᠨᠢ ᠬᠡᠪᠯᠡᠨ᠎ᠡ᠂ ᠶᠠᠮᠠᠷ ᠰᠠᠢᠬᠠᠨ ᠰᠢᠯᠦᠭ ᠪᠣᠢ᠂ ᠠᠩᠬ᠎ᠠ ᠡᠬᠢᠯᠡᠵᠦ ᠪᠠᠢᠭ᠎ᠠ ᠭᠡᠬᠦ ᠳ᠋ᠦ᠍ ᠬᠣᠣᠰ ᠦᠭᠡᠢ ᠪᠠᠢᠨ᠎ᠠ᠃ ᠰᠧᠷᠭᠸᠢ ᠶᠧᠰᠧᠨᠢᠨ ᠢᠩᠭᠢᠵᠦ ᠡᠬᠢᠯᠡᠭᠡ ᠦᠭᠡᠢ ᠶᠦᠮ 》 ᠭᠡᠳ ᠪᠠᠶᠠᠷᠯᠠᠬᠤ ᠳ᠋ᠠᠭᠠᠨ ᠵᠡᠭᠦᠵᠦ ᠶᠠᠪᠤᠭᠰᠠᠨ ᠵᠠᠩᠭᠢᠶ᠎ᠠ ᠪᠠᠨ ᠲᠠᠢᠯᠵᠤ ᠦᠭᠭᠦᠯ᠎ᠡ᠃ ᠲᠡᠷᠡ ᠵᠠᠩᠭᠢᠶ᠎ᠠ ᠨᠢ ᠡᠨᠡ ᠳ᠋ᠠ ᠭᠡᠳ ᠬᠦᠵᠦᠭᠦᠨ ᠳ᠋ᠡᠬᠢ  ᠡᠷᠢᠶᠡᠨ ᠵᠠᠩᠭᠢᠶ᠎ᠠ ᠪᠠᠨ ᠵᠢᠭᠠᠯ᠎ᠠ᠃ ᠪᠢᠳᠡ ᠪᠠᠶᠠᠰᠤᠨ ᠲᠡᠭᠦᠨ ᠢ᠋ ᠨᠢ ᠥᠯᠢᠢᠯᠵᠡᠨ ᠬᠠᠷᠠᠵᠠᠭᠠᠯ᠎ᠠ᠃
       ᠶᠠᠷᠢᠶᠠᠨ ᠳ᠋ᠠᠭᠠᠨ ᠬᠠᠯᠠᠭᠰᠠᠨ ᠯᠣ ᠭᠤᠸᠠᠢ ᠢᠯᠠᠨ ᠳᠠᠯᠠᠨ ᠦᠭᠡᠢ ᠶᠠᠷᠢᠶ᠎ᠠ ᠪᠠᠨ ᠳᠠᠭᠤᠰᠬᠠᠵᠤ᠄ 
       – ᠢᠩᠭᠢᠭᠡᠳ ᠯᠡ ᠵᠣᠬᠢᠶᠠᠯᠴᠢ ᠪᠣᠯᠬᠤ ᠵᠠᠮ ᠳ᠋ᠠᠭᠠᠨ ᠣᠷᠣᠭᠰᠠᠨ᠂ ᠵᠠ ᠵᠣᠬᠢᠶᠠᠯᠴᠢ ᠪᠢᠳᠡ ᠠᠷᠢᠬᠢᠨ ᠠ᠋ᠴᠠ ᠯᠠ ᠪᠣᠯᠳᠠᠭ ᠶᠤᠮ ᠳᠠ᠂ ᠲᠠ ᠨᠠᠷ ᠬᠢᠴᠢᠶᠡᠵᠦ ᠦᠵᠡᠭᠡᠷᠡᠢ ᠭᠡᠯ᠎ᠡ᠃ ᠲᠡᠭᠡᠭᠡᠳ ᠤᠳᠠᠭᠰᠠᠨ ᠦᠭᠡᠢ ᠵᠣᠬᠢᠶᠠᠯᠴᠢ ᠮᠠᠨᠢ ᠠᠵᠢᠯ ᠲᠠᠢ ᠭᠡᠳ ᠶᠠᠪᠤᠯ᠎ᠠ᠃ ᠪᠢᠳᠡ ᠰᠠᠨᠳᠠᠯᠢ ᠪᠠᠨ ᠲᠦᠷ ᠲᠠᠷ ᠳᠤᠤᠭᠠᠷᠭᠠᠨ ᠪᠣᠰᠴᠤ ᠴᠢᠮᠡᠭᠡ ᠦᠭᠡᠢ ᠬᠣᠢᠨ᠎ᠠ ᠠ᠋ᠴᠠ ᠨᠢ ᠬᠠᠷᠠᠭᠰᠠᠭᠠᠷ ᠬᠣᠴᠣᠷᠤᠯ᠎ᠠ᠃ ᠲᠡᠷᠡ ᠬᠥᠮᠦᠨ ᠢ᠋ ᠭᠠᠷᠤᠩᠭᠤᠲᠠ ᠪᠢᠳᠡ ᠵᠣᠬᠢᠶᠠᠯᠴᠢ ᠪᠣᠯᠬᠤ ᠠᠮᠠᠷᠬᠠᠨ ᠶᠤᠮ᠂ ᠬᠡᠴᠡᠭᠦᠦ ᠶᠣᠮ᠎ ᠭᠡᠵᠦ ᠨᠢᠭᠡ ᠬᠡᠰᠡᠭ ᠱᠤᠤᠭᠢᠯᠳᠤᠭᠰᠠᠭᠠᠷ ᠰᠥᠨᠢ ᠳᠦᠯᠢ ᠪᠣᠯᠤᠭᠠᠳ ᠲᠠᠷᠬᠠᠵᠠᠭᠠᠯ᠎ᠠ᠃ ᠮᠠᠷᠭᠠᠰᠢ ᠨᠢ ᠦᠳᠡ ᠶ᠋ᠢᠨ ᠵᠠᠪᠰᠠᠷᠯᠠᠭᠠᠳ ᠢ᠋ᠶ᠋ᠠᠷ ᠭᠤᠸᠠᠩᠵᠠᠨ ᠳ᠋ᠤ᠌ ᠬᠣᠭᠣᠯᠠ ᠢᠳᠡᠬᠦ ᠰᠠᠨᠠᠭ᠎ᠠ ᠲᠠᠢ ᠣᠴᠢᠯ᠎ᠠ᠂ ᠮᠠᠨ ᠤ ᠡᠬᠡᠨᠡᠷ ᠲᠡᠨᠳᠡ ᠬᠣᠭᠣᠯᠠ ᠵᠥᠭᠡᠭᠡᠭᠴᠢ ᠶ᠋ᠢᠨ ᠠᠵᠢᠯ ᠲᠠᠢ ᠯᠠ ᠶᠣᠮ᠎ᠠ ᠳᠠ᠂ ᠨᠠᠮ᠎ᠠ ᠶ᠋ᠢ ᠪᠣᠱᠣᠭ᠎ᠠ ᠠᠯᠬᠤᠩᠭᠤᠲᠠ ᠠᠪᠤᠭᠠᠢ ᠮᠢᠨᠢ ᠭᠦᠶᠦᠵᠦ ᠢᠷᠡᠵᠦ᠄
       – ᠶᠠᠭᠠᠬᠢᠨ᠎ᠠ᠂ ᠵᠣᠬᠢᠶᠠᠯᠴᠢ ᠯᠤ ᠢᠷᠡᠭᠡᠳ ᠶᠠᠪᠤᠯ᠎ᠠ ᠭᠡᠪᠡ᠃
       – ᠲᠡᠭᠡᠭᠡᠳ ? 
       – ᠪᠠᠯᠠᠷᠠᠭᠰᠠᠨ !  ᠬᠣᠭᠣᠯᠠᠨ ᠳᠡᠭᠡᠷ᠎ᠡ ᠪᠡᠨ ᠳᠠᠷᠤᠭᠤᠯᠭ᠎ᠠ ᠬᠡᠷᠡᠭᠯᠡᠵᠦ ᠰᠤᠷᠴᠢᠬᠠᠭᠰᠠᠨ ᠶᠤᠮ ᠭᠡᠨ᠎ᠡ ? ᠲᠡᠷᠡ ᠨᠢ ᠮᠠᠨ ᠤ᠋ ᠭᠤᠸᠠᠩᠵᠠᠠ ᠳ᠋ᠤ᠌ ᠪᠠᠢᠬᠤ ᠪᠢᠰᠢ ᠳᠡ᠂ ᠲᠡᠭᠡᠭᠰᠡᠨ ᠴᠢᠨᠢ ᠬᠥᠮᠦᠨ ᠳ᠋ᠦ᠍ ᠦᠢᠯᠡᠴᠢᠯᠡᠵᠦ ᠰᠤᠷᠤᠭ᠎ᠠ ᠦᠭᠡᠢ ᠪᠠᠢᠨ᠎ᠠ᠂ ᠪᠢ ᠲᠥᠪ ᠡᠴᠡ ᠶᠠᠪᠤᠭ᠎ᠠ ᠵᠣᠬᠢᠶᠠᠯᠴᠢ ᠬᠥᠮᠦᠨ᠂ ᠲᠠ ᠨᠠᠷ ᠤ᠋ᠨ ᠲᠤᠬᠠᠢ ᠱᠣᠭ ᠨᠠᠢᠷᠠᠭᠤᠯᠤᠯ ᠪᠢᠴᠢᠨ᠎ᠡ ᠭᠡᠯ᠎ᠡ᠃ ᠡᠦᠲᠦ ᠬᠥᠮᠦᠨ ᠦ᠌ ᠨᠢᠭᠤᠷ ᠬᠠᠷᠠᠯ ᠦᠭᠡᠢ ᠠ᠋ ᠭᠡᠯ᠎ᠡ᠃ ᠪᠢ ᠳᠣᠣᠷ᠎ᠠ ᠪᠠᠨ ᠪᠠᠬᠠᠨ ᠰᠠᠨᠳᠤᠷᠤᠭᠰᠠᠨ ᠢᠶᠡᠨ᠄ 
       – ᠤᠴᠢᠷ ᠮᠡᠳᠡᠬᠦ ᠬᠥᠮᠦᠨ ᠪᠠᠢᠨ᠎ᠠ᠂ ᠲᠡᠭᠦᠨ ᠦ᠌ ᠲᠥᠯᠥᠭᠡ ᠱᠣᠭ ᠨᠠᠢᠷᠠᠭᠤᠯᠤᠯ ᠪᠢᠴᠢᠬᠦ ᠦᠭᠡᠢ ᠪᠠᠢᠯᠭᠦᠢ ᠭᠡᠯ᠎ᠡ᠃ 
       ᠬᠡᠳᠦ ᠬᠣᠨᠣᠭ ᠥᠩᠭᠡᠷᠡᠯ᠎ᠡ᠃ ᠵᠣᠬᠢᠶᠠᠯ ᠰᠣᠨᠢᠷᠬᠠᠵᠤ ᠤᠷᠤᠯᠳᠤᠵᠤ ᠶᠠᠪᠤᠳᠠᠭ ᠬᠥᠮᠦᠰ 《 ᠵᠣᠬᠢᠶᠠᠯᠴᠢ ᠯᠤ ᠭᠤᠸᠠᠢ ᠢᠷᠡᠯ᠎ᠡ ᠭᠡᠰᠡᠨ᠂ ᠬᠠᠮᠢᠭ᠎ᠠ ᠪᠠᠢᠭ᠎ᠠ ᠪᠣᠯ ᠪᠢᠴᠢᠭᠰᠡᠨ ᠶᠠᠭᠤᠮ᠎ᠠ ᠪᠠᠨ ᠦᠵᠡᠭᠦᠯᠬᠦ ᠶᠦᠮ ᠰᠠᠨ 》 ᠭᠡᠵᠦ ᠨᠠᠳᠠ ᠠ᠋ᠴᠠ ᠠᠰᠠᠭᠤᠳᠠᠭ ᠪᠣᠯᠤᠯ᠎ᠠ᠃ ᠳᠤᠮᠳᠠᠳᠤ ᠰᠤᠷᠭᠠᠭᠤᠯᠢ ᠶ᠋ᠢᠨ ᠨᠢᠭᠡ ᠪᠠᠭᠰᠢ ᠰᠤᠷᠤᠭᠴᠢᠳ ᠲᠠᠢ ᠠᠭᠤᠯᠵᠠᠯᠲᠠ ᠬᠢᠯᠭᠡᠬᠦ ᠭᠡᠰᠡᠨ ᠶᠦᠮ᠂ ᠬᠠᠮᠢᠭ᠎ᠠ ᠪᠠᠢᠷᠢᠯᠠᠭᠰᠠᠨ ᠪᠣᠯ᠂ ᠮᠡᠳᠡᠪᠡ ᠤᠤ ? 》 ᠭᠡᠵᠦ ᠠᠰᠠᠭᠤᠵᠤ ᠢᠷᠡᠯ᠎ᠡ᠃ ᠪᠠᠰᠠ ᠰᠣᠨᠢᠨ ᠦ  ᠨᠢᠭᠡ ᠠᠵᠢᠯᠲᠠᠨ 《 ᠮᠠᠨ ᠤ᠋ ᠠᠢᠮᠠᠭ ᠲᠤ᠌ ᠢᠷᠡᠭᠡᠳ ᠪᠢᠴᠢᠭᠰᠡᠨ ᠰᠢᠯᠦᠭ ᠢ᠋ ᠨᠢ ᠰᠣᠨᠢᠨ ᠳ᠋ᠠᠭᠠᠨ ᠲᠠᠯᠪᠢᠬᠤ ᠭᠡᠰᠡᠨ ᠶᠦᠮ 》 ᠭᠡᠵᠦ ᠰᠤᠷᠠᠭᠯᠠᠪᠠ᠃ ᠵᠣᠬᠢᠶᠠᠯᠴᠢ ᠮᠠᠨᠢ ᠪᠤᠴᠠᠭᠠᠳ ᠶᠠᠪᠤᠴᠢᠬᠠᠭᠰᠠᠨ ᠶᠤᠮ ᠤᠤ᠂ ᠰᠤᠷᠠᠭ ᠴᠢᠮᠡᠭᠡ ᠠᠯᠳᠠᠷᠠᠵᠠᠢ᠃ ᠵᠣᠬᠢᠶᠠᠯᠴᠢ ᠶ᠋ᠢ ᠡᠷᠢᠵᠦ ᠰᠤᠷᠠᠭᠰᠠᠨ ᠬᠥᠮᠦᠨ ᠣᠯᠠᠨ ᠪᠣᠯᠤᠭᠰᠠᠨ ᠠᠪᠠᠴᠤ ᠠᠭᠤᠯᠵᠠᠵᠤ ᠤᠴᠠᠷᠠᠭᠰᠠᠨ ᠦᠭᠡᠢ᠂ ᠬᠠᠷᠢᠨ ᠠᠪᠠᠭᠠᠢ ᠪᠢᠳᠡ ᠬᠣᠶᠠᠷ ᠰᠢᠨ᠎ᠡ ᠰᠣᠨᠢᠨ ᠢᠷᠡᠬᠦ ᠪᠦᠷᠢ ᠪᠦᠭᠦᠳᠡ ᠶ᠋ᠢ ᠨᠢ ᠰᠢᠷᠬᠡᠭ ᠳᠠᠷᠠᠭᠠᠯᠠᠨ ᠦᠵᠡᠵᠦ ᠱᠣᠭ ᠨᠠᠢᠷᠠᠭᠤᠯᠤᠯ ᠭᠠᠷᠤᠭᠰᠠᠨ ᠪᠠᠢᠬᠤ ᠪᠣᠢ ᠭᠡᠵᠦ ᠡᠮᠢᠶᠡᠨ ᠶᠠᠪᠤᠳᠠᠭ ᠪᠣᠯᠤᠯ᠎ᠠ᠃ 
       ᠲᠡᠷᠡ ᠵᠢᠯ ᠦ᠋ᠨ ᠵᠤᠨ ᠪᠢᠳᠡ ᠬᠣᠲᠠ ᠳ᠋ᠤ᠌ ᠠᠵᠢᠯ ᠢ᠋ᠶ᠋ᠠᠷ ᠢᠷᠡᠯ᠎ᠡ᠃ ᠬᠣᠲᠠ ᠳ᠋ᠤ᠌ ᠨᠢᠭᠡ ᠨᠤᠲᠤᠭ ᠤ᠋ᠨ ᠰᠡᠳᠬᠦᠯᠴᠢ ᠨᠠᠢᠵᠠ ᠲᠠᠢ ᠪᠠᠨ ᠠᠭᠤᠯᠵᠠᠯ᠎ᠠ᠃ ᠲᠡᠷᠡ ᠮᠠᠨᠢ ᠨᠢᠭᠡ ᠡᠳᠦᠷ ᠨᠠᠮ᠎ᠠ ᠶ᠋ᠢ 《 ᠵᠣᠭᠣᠭ ᠤ᠋ᠨ ᠭᠠᠵᠠᠷ ᠬᠣᠭᠣᠯᠠ ᠢᠳᠡᠶ᠎ᠡ 》 ᠭᠡᠵᠦ ᠤᠷᠢᠯ᠎ᠠ᠃ ᠨᠠᠢᠵᠠ ᠶ᠋ᠢᠨ ᠢ᠋ᠶ᠋ᠡᠨ ᠤᠷᠢᠯᠭ᠎ᠠ ᠪᠠᠷ ᠰᠢᠨ᠎ᠡ ᠨᠡᠭᠡᠭᠡᠭᠳᠡᠭᠰᠡᠨ ᠵᠣᠭᠣᠭ ᠤ᠋ᠨ ᠭᠠᠵᠠᠷ ᠣᠴᠢᠪᠠᠯ ᠬᠥᠮᠦᠨ ᠣᠯᠠᠨ ᠲᠠᠢ ᠪᠠᠢᠯ᠎ᠠ᠃ ᠵᠠᠬ᠎ᠠ ᠶ᠋ᠢᠨ ᠰᠠᠭᠤᠳᠠᠯ ᠳᠡᠭᠡᠷ᠎ᠡ ᠰᠠᠭᠤᠵᠤ ᠡᠢᠰᠢ ᠲᠡᠢᠰᠢ ᠬᠠᠷᠠᠯ᠎ᠠ᠃ 
       ᠲᠡᠭᠡᠲᠡᠯ᠎ᠡ ᠮᠢᠨᠦ ᠨᠢᠳᠦᠨ ᠳ᠋ᠦ᠍ ᠨᠢᠭᠡ ᠶᠡᠬᠡ ᠦᠵᠡᠭᠰᠡᠨ ᠨᠢᠭᠤᠷ ᠬᠠᠯᠳᠠ ᠦᠵᠡᠭᠳᠡᠭᠰᠡᠨ ᠳ᠋ᠦ᠍ ᠰᠢᠷᠲᠡᠨ ᠬᠠᠷᠠᠪᠠᠯ ᠵᠣᠬᠢᠶᠠᠯᠴᠢ ᠯᠣ ᠪᠠᠢᠯ᠎ᠠ᠃ ᠨᠡᠯᠢᠶᠡᠳ ᠬᠠᠯᠠᠮᠠᠭ ᠪᠣᠯᠤᠯᠲᠠᠢ ᠬᠡᠨ ᠬᠥᠮᠦᠨ ᠳ᠋ᠦ᠍ ᠡᠯᠳᠡᠪ ᠢ᠋ ᠥᠭᠦᠯᠡᠵᠦ ᠪᠠᠢᠭᠰᠠᠨ ᠢ᠋ᠶ᠋ᠠᠨ ᠠᠷᠢᠬᠢᠨ ᠤ᠋ ᠯᠣᠩᠬᠣ ᠨᠢᠭᠡ ᠬᠥᠮᠦᠨ ᠤᠷᠤᠭᠤ ᠪᠠᠷᠢᠨ ᠤᠬᠤᠰᠬᠢᠪᠡ ᠃ ᠠᠶᠠᠭᠠᠴᠢ ᠬᠡᠦᠬᠡᠨ ᠨᠦ᠍ᠭᠦᠳ ᠱᠤᠤᠭᠢᠯᠳᠤᠨ ᠬᠥᠮᠦᠰ ᠲᠤᠬ᠎ᠠ ᠠᠯᠳᠠᠨ᠎ᠠ᠃ ᠪᠢ ᠰᠠᠨᠠᠭ᠎ᠠ ᠵᠣᠪᠠᠨᠢᠨ 《 ᠵᠣᠬᠢᠶᠠᠯᠴᠢ ᠯᠣ ᠭᠤᠸᠠᠢ ᠶᠠᠭᠠᠬᠢᠵᠤ ᠶᠠᠪᠤᠭ᠎ᠠ ᠶᠤᠮ ᠪᠣᠢ ᠳᠠ 》 ᠭᠡᠪᠡᠯ ᠨᠥᠬᠥᠷ ᠮᠢᠨᠢ :
       – ᠠᠯᠢ ? ᠭᠡᠪᠡ ,
       – ᠶᠠᠭᠠᠬᠢᠪᠠ ᠂ ᠲᠡᠷᠡ ᠯᠣᠩᠬᠣ ᠪᠠᠷᠢᠭᠠᠳ ᠲᠡᠪᠰᠢᠯᠡᠵᠦ ᠪᠠᠢᠭ᠎ᠠ ! 
       – ᠶᠠᠮᠠᠷ ᠯᠤ? 
       – ᠶᠠᠭᠠᠬᠢᠭ᠎ᠠ ᠪᠣᠢ᠂ ᠵᠣᠬᠢᠶᠠᠯᠴᠢ ᠯᠤ!
       – ᠪᠢᠰᠢ ᠴᠠᠭᠠᠰᠢ!
       – ᠮᠥᠨ ᠮᠥᠨ! ᠥᠩᠭᠡᠷᠡᠭᠰᠡᠨ ᠡᠪᠦᠯ ᠮᠠᠨ ᠤ᠋ ᠲᠡᠨᠳᠡ ᠣᠴᠢᠭᠰᠠᠨ ᠶᠤᠮ᠃ 
       ᠨᠥᠬᠥᠷ ᠮᠠᠨᠢ ᠬᠣᠲᠠ ᠳᠤ ᠤᠳᠠᠭᠰᠠᠨ᠂ ᠲᠠᠨᠢᠯ ᠲᠠᠯ᠎ᠠ ᠣᠯᠠᠨᠲᠠᠢ᠂ ᠭᠡᠪᠡᠴᠦ ᠡᠨᠡ ᠤᠳᠠᠭ᠎ᠠ ᠠᠷᠠᠢ ᠨᠠᠳᠠ ᠠ᠋ᠴᠠ ᠳᠣᠣᠷ᠎ᠠ ᠮᠡᠳᠡᠮᠡᠬᠡᠢᠷᠡᠬᠦ ᠰᠢᠭ ᠰᠠᠨᠠᠭᠳᠠᠪᠠ᠃
       ᠨᠠᠢᠵᠠ ᠮᠢᠨᠢ ᠢᠨᠢᠶᠡᠮᠰᠦᠭᠯᠡᠵᠦ ᠰᠠᠭᠤᠨ᠎ᠠ᠂《 ᠳᠠᠪᠠᠭᠠᠨ ᠳᠡᠭᠡᠷ᠎ᠡ 》 ᠭᠡᠳᠡᠭ ᠷᠣᠮᠠᠨ ᠪᠢᠴᠢᠭᠰᠡᠨ ᠯᠤ ᠭᠤᠸᠠᠢ ᠤᠤ ᠭᠡᠪᠡ᠃ 
       – ᠲᠡᠢᠮᠦ! 
       – ᠡᠪᠦᠭᠡᠨ ᠴᠢᠨᠢ ᠵᠣᠬᠢᠶᠠᠯᠴᠢ ᠯᠣ ᠭᠤᠸᠠᠢ ᠶ᠋ᠢ ᠰᠠᠢᠨ ᠲᠠᠨᠢᠨ᠎ᠠ᠃ ᠬᠤᠷᠳᠤᠨ ᠱᠠᠯᠠᠮᠠᠭ ᠠᠯᠬᠤᠭ᠎ᠠ ᠲᠠᠢ᠂ ᠨᠠᠮᠬᠠᠨ ᠰᠢᠷ᠎ᠠ ᠬᠥᠮᠦᠨ ᠪᠣᠢ᠃ ᠬᠠᠷᠢᠨ ᠴᠢ ᠵᠣᠬᠢᠶᠠᠯ ᠰᠢᠯᠦᠭ ᠣᠷᠣᠯᠳᠣᠳᠠᠭ ᠪᠣᠯ ᠲᠠᠨᠢᠯᠴᠠᠭᠤᠯᠤᠮᠠᠭᠴᠠ᠂ ᠵᠠᠯᠠᠭᠤᠴᠤᠳ ᠢ᠋  ᠳᠡᠮᠵᠢᠬᠦ ᠳ᠋ᠡᠭᠡᠨ ᠳᠤᠷᠠᠲᠠᠢ ᠬᠥᠮᠦᠨ ᠪᠣᠢ ᠭᠡᠪᠡ᠃ ᠪᠢ ᠥᠩᠭᠡᠷᠡᠭᠰᠡᠨ ᠪᠣᠯ ᠤ᠋ᠨ ᠶᠠᠪᠤᠳᠠᠯ ᠢ᠋ ᠬᠦᠦᠷᠨᠢᠪᠡ᠃ ᠨᠥᠬᠥᠷ ᠮᠠᠨᠢ ᠡᠯᠢᠭᠡ ᠪᠡᠨ ᠬᠥᠰᠢᠲᠡᠯ᠎ᠡ ᠬᠥᠬᠥᠷᠡᠵᠦ 《 ᠡᠨᠡ ᠬᠥᠮᠦᠨ ᠢ᠋ ᠳ᠋ᠦᠪᠴᠢᠨᠵᠠᠯᠪᠤᠤ ᠭᠡᠳᠡᠭ ᠶᠦᠮ ᠪᠢᠯᠡ᠂ ᠬᠣᠲᠠ ᠶᠢᠨ ᠨᠢᠭᠡ ᠰᠣᠶᠣᠯ ᠤᠨ ᠣᠷᠳᠣᠨ ᠳ᠋ᠤ᠌ ᠵᠦᠴᠦᠭᠡᠴᠢᠨ ᠪᠠᠢᠭᠰᠠᠨ ᠢ᠋ᠶ᠋ᠠᠨ ᠬᠥᠯᠴᠥᠭᠦᠷᠡᠬᠦ ᠤᠮᠳᠠᠭᠠᠨ ᠳ᠋ᠤ᠌ ᠬᠡᠳᠦ ᠣᠷᠣᠭᠠᠳ ᠬᠥᠭᠡᠭᠡᠭᠳᠡᠭᠰᠡᠨ ᠶᠦᠮ ᠭᠡᠨ᠎ᠡ  ᠪᠢᠯᠡ᠃  ᠰᠢᠭᠦᠷᠬᠡᠢ ᠲᠦᠭᠦᠬᠡᠢ ᠬᠡᠳᠦᠨ ᠰᠢᠯᠦᠭ ᠰᠢᠦ ᠶᠠᠭᠤᠮ᠎ᠠ ᠪᠢᠴᠢᠴᠢᠬᠡᠬᠦ ᠪᠣᠯᠤᠭᠠᠳ ᠤᠴᠢᠷ ᠮᠡᠳᠡᠬᠦ ᠦᠭᠡᠢ ᠬᠥᠮᠦᠨ ᠳ᠋ᠦ᠍ ᠭᠠᠢᠬᠠᠭᠤᠯᠵᠤ ᠶᠠᠪᠤᠳᠠᠭ ᠶᠣᠮ᠎  ᠭᠡᠨ᠎ᠡ ᠪᠢᠯᠡ᠃ ᠲᠠᠨ ᠤ᠋ ᠲᠡᠨᠳᠡ ᠣᠴᠢᠵᠤ ᠦᠢᠮᠡᠭᠦᠯᠦᠭᠡᠳ ᠠᠪᠴᠤ ᠳᠥᠩᠭᠡᠭᠰᠡᠨ ᠪᠣᠢ 》 ᠭᠡᠯ᠎ᠡ᠃ ᠪᠢᠳᠡ ᠵᠣᠬᠢᠶᠠᠯ ᠳ᠋ᠤ᠌ ᠳᠤᠷᠠᠲᠠᠢ᠂ ᠵᠣᠬᠢᠶᠠᠯᠴᠢ ᠬᠥᠮᠦᠨ ᠬᠦᠨᠳᠦᠳᠬᠡᠨ ᠬᠠᠢᠷᠠᠯᠠᠵᠤ ᠶᠠᠪᠤᠳᠠᠭ ᠪᠣᠯᠤᠭᠠᠳ ᠲᠡᠷᠡ ᠨᠢᠭᠡ ᠤᠳᠠᠭ᠎ᠠ ᠵᠠᠮ ᠤ᠋ᠨ ᠬᠡᠰᠦᠭᠦᠯ ᠳ᠋ᠦ᠍ ᠬᠠᠭᠤᠷᠲᠠᠵᠤ ᠳᠠ ᠭᠡᠵᠦ ᠬᠣᠢᠨ᠎ᠠ ᠨᠢ ᠤᠬᠠᠭᠠᠷᠠᠭᠰᠠᠨ ᠶᠤᠮ᠃ ᠬᠣᠵᠢᠮ ᠪᠢ ᠵᠢᠩᠬᠢᠨᠢ ᠵᠣᠬᠢᠶᠠᠯᠴᠢ ᠯᠣ ᠲᠠᠢ ᠲᠠᠨᠢᠯᠴᠠᠭᠰᠠᠨ᠂ ᠲᠡᠷᠡ ᠪᠡᠷ ᠶᠠᠷᠢᠶ᠎ᠠ ᠬᠥᠭᠡᠷᠦᠭᠡ ᠲᠡᠢ ᠰᠠᠢᠬᠠᠨ ᠬᠥᠮᠦᠨ ᠪᠣᠢ᠃ ᠰᠡᠭᠦᠯ ᠳ᠋ᠦ᠍ ᠪᠡᠲᠡ ᠬᠠᠭᠤᠷᠠᠮᠴᠢ ᠯᠣ ᠶᠢᠨ ᠲᠤᠬᠠᠢ ᠨᠥᠬᠥᠳ ᠲᠡᠭᠡᠨ ᠶᠠᠷᠢᠵᠤ᠂  ᠪᠢᠳᠠ ᠬᠡᠳᠦ ᠬᠡᠨ ᠨᠢᠭᠡ ᠶ᠋ᠢ ᠪᠡᠨ ᠰᠠᠢᠨ ᠰᠢᠯᠦᠭ ᠤᠩᠰᠢᠬᠤ ᠳ᠋ᠤ᠌ 《  ᠵᠠ ᠵᠠᠩᠭᠢᠶ᠎ᠠ ᠪᠠᠨ ᠲᠠᠢᠯᠤᠭᠠᠳ   ᠥᠭᠭᠦᠴᠢᠭᠡᠶ᠎ᠡ》 ᠭᠡᠵᠦ ᠬᠥᠬᠥᠷᠡᠯᠳᠦᠳᠡᠭ ᠪᠣᠯᠵᠤ ᠪᠢᠯᠡ᠃ ᠬᠥᠮᠦᠨ ᠭᠡᠳᠡᠭ ᠶᠠᠩᠵᠤ ᠶᠠᠩᠵᠤ ᠶ᠋ᠢᠨ ᠠᠭᠠᠰᠢ ᠠᠷᠠᠨᠰᠢᠨ ᠭᠠᠷᠭᠠᠵᠤ ᠶᠠᠪᠤᠬᠤ ᠶᠤᠮ ᠳᠠ᠃ ᠥᠷᠥᠭᠡᠯ ᠦ᠋ᠨ ᠠᠯᠳᠠᠷ ᠬᠦᠨᠳᠦ ᠶ᠋ᠢ ᠵᠢᠭᠡᠯᠡᠵᠦ ᠠᠯᠠᠭ ᠵᠡᠯᠢᠭᠦᠳᠬᠡᠨ ᠭᠠᠵᠠᠷ ᠢ᠋ᠶ᠋ᠠᠨ ᠳᠦᠪᠴᠢᠭᠡᠨᠡᠵᠦ ᠶᠠᠪᠤᠭᠰᠠᠨ 《 ᠣᠷᠣᠯᠠᠨ ᠲᠣᠭᠯᠠᠭᠴᠢ 》 ᠬᠠᠶᠠ ᠪᠠᠰᠠ ᠳᠤᠭᠤᠯᠳᠠᠬᠤ ᠶᠤᠮ᠃ ᠲᠠᠪᠤ ᠠᠯᠬᠤᠬᠤ ᠳ᠋ᠤ᠌ ᠣᠨᠣᠴᠢ ᠨᠢ ᠲᠠᠢᠯᠤᠭᠳᠠᠵᠤ ᠲᠠᠷ ᠨᠢ ᠲᠠᠨᠢᠭᠳᠠᠬᠤ ᠬᠠᠮᠤᠭ ᠤ᠋ᠨ ᠵᠢᠷ ᠦ᠋ᠨ ᠶᠠᠭᠤᠮ᠎ᠠ ᠶ᠋ᠢ ᠴᠦ᠍ ᠭᠡᠰᠡᠨ ᠤᠬᠠᠭᠠᠷᠠᠬᠤ ᠦᠭᠡᠢ ᠬᠥᠮᠦᠨ ᠪᠠᠢᠳᠠᠭ ᠢ᠋ ᠦᠵᠡᠵᠦ ᠰᠣᠨᠣᠰᠬᠤ ᠳ᠋ᠤ᠌ ᠲᠡᠷᠡ ᠬᠥᠮᠦᠨ ᠦ᠌ ᠡᠮᠦᠨ᠎ᠡ ᠡᠴᠡ ᠢᠴᠢᠵᠦ ᠶᠠᠪᠤᠳᠠᠭ ᠬᠥᠮᠦᠨ ᠨᠠᠳᠠ ᠠ᠋ᠴᠠ ᠡᠬᠢᠯᠡᠨ ᠣᠯᠠᠨ ᠪᠣᠢ᠃ 

《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃