ᠣᠷᠲᠣᠰ ᠤᠨ ᠬᠤᠷᠲᠤᠨ ᠵᠢᠷᠣᠬ᠋᠎ᠠ ᠮᠣᠷᠢᠨ  ᠤ ᠢᠷᠥᠭᠡᠯ- ᠬᠡᠷᠡᠢᠳ ᠤᠨ ᠬᠡᠢᠷᠦᠪ ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠲᠣᠰ ᠤᠨ ᠬᠤᠷᠲᠤᠨ ᠵᠢᠷᠣᠬ᠋᠎ᠠ ᠮᠣᠷᠢᠨ  ᠤ ᠢᠷᠥᠭᠡᠯ- ᠬᠡᠷᠡᠢᠳ ᠤᠨ ᠬᠡᠢᠷᠦᠪ

ᠣᠷᠲᠣᠰ ᠤᠨ ᠬᠤᠷᠲᠤᠨ ᠵᠢᠷᠣᠬ᠋᠎ᠠ ᠮᠣᠷᠢᠨ  ᠤ ᠢᠷᠥᠭᠡᠯ- ᠬᠡᠷᠡᠢᠳ ᠤᠨ ᠬᠡᠢᠷᠦᠪ

2023-09-15

579

ᠣᠷᠲᠣᠰ ᠤᠨ ᠬᠤᠷᠲᠤᠨ ᠵᠢᠷᠣᠬ᠋᠎ᠠ ᠮᠣᠷᠢᠨ  ᠤ ᠢᠷᠥᠭᠡᠯ

        ᠵᠣᠬᠢᠶᠠᠭᠴᠢ᠄  ᠭᠡᠷᠡᠢᠳ  ᠪ ᠂ ᠬᠡᠶ᠋ᠢᠷᠦᠪ 
        ᠢᠷᠥᠭᠡᠯᠴᠢ᠄ ᠬᠣᠨᠵᠢᠨ ᠂ ᠬᠡᠷᠡᠶ᠋ᠢᠳ ᠪ᠂ ᠬᠡᠶ᠋ᠢᠷᠦᠪ 
ᠤᠸᠮ ᠰᠠᠶ᠋ᠢᠨ ᠠᠮᠤᠭᠤᠯᠠᠩ ᠲᠠᠨ ᠪᠣᠯᠲᠤᠭᠠᠢ! 
ᠤᠯᠠᠮ ᠰᠠᠶ᠋ᠢᠨ ᠵᠢᠷᠭᠠᠯᠠᠩ ᠲᠠᠨ ᠪᠣᠯᠲᠤᠭᠠᠢ! 
ᠵᠢᠯᠣᠭᠣ ᠶ᠋ᠢ ᠨᠢ ᠰᠣᠶ᠋ᠢᠭᠠᠳ ᠵᠢᠬᠰᠠᠭᠠᠭᠰᠠᠨ 
ᠵᠢᠷᠣᠬ᠋᠎ᠠ ᠮᠣᠷᠢᠳ ᠦ᠋ᠨ ᠲᠡᠷᠢᠭᠦᠨ ᠭᠡᠭᠴᠢ ᠪᠣᠯ 
ᠵᠢᠵᠦᠦ ᠲᠣᠯᠢᠨ ᠬᠠᠵᠠᠭᠠᠷ ᠲᠠᠢ 
ᠵᠢᠩ ᠶᠢᠩ ᠰᠠᠶ᠋ᠢᠷ ᠡᠮᠡᠭᠡᠯ ᠲᠡᠢ 
ᠵᠢᠩ ᠲᠠᠶ᠋ᠢᠯᠠᠩ ᠳᠥᠷᠥᠭᠡ ᠲᠡᠢ 
ᠵᠢᠭᠳᠡ ᠰᠤᠷᠤᠨ ᠵᠢᠷᠢᠮ ᠲᠡᠢ 
ᠮᠠᠩᠬᠢ ᠶ᠋ᠢᠨ ᠠᠷᠠᠰᠤᠨ ᠳᠠᠪᠰᠠ ᠲᠠᠢ 
ᠮᠠᠩᠨᠤᠭ ᠡᠷᠢᠶᠡᠨ ᠮᠠᠶᠤᠤᠽᠠ ᠲᠠᠢ 
ᠪᠤᠯᠢᠭᠠᠷᠢ ᠶ᠋ᠢᠨ ᠠᠷᠠᠰᠤᠨ ᠬᠦᠯᠢᠮ ᠲᠡᠢ
ᠪᠤᠭᠤ ᠶ᠋ᠢᠨ ᠰᠢᠷᠢᠨ ᠴᠢᠳᠥᠷ ᠲᠡᠢ
ᠲᠣᠪᠣᠷᠤᠤ ᠲᠣᠯᠢᠨ ᠬᠤᠳᠠᠷᠭ᠎ᠠ ᠲᠠᠢ
ᠲᠣᠷᠭᠠᠨ ᠤᠲᠠᠰᠤᠨ ᠣᠯᠣᠩ ᠲᠠᠢ
ᠨᠠᠷᠠᠨ ᠰᠠᠷᠠᠨ ᠪᠥᠭᠥᠷᠭᠡ ᠲᠡᠢ
ᠨᠠᠢ᠍ᠮᠠ ᠨᠠᠢ᠍ᠮᠠᠨ ᠭᠠᠨᠵᠤᠭ᠎ᠠ ᠲᠠᠢ
ᠱᠢᠷ᠎ᠠ ᠤᠯᠠᠭᠠᠨ ᠮᠠᠨᠴᠤᠭ ᠲᠠᠢ
ᠱᠠᠭᠱᠠᠬ᠋᠎ᠠ ᠬᠣᠩᠬᠣᠨ ᠱᠠᠷᠭᠢᠯᠭᠠᠨ ᠲᠠᠢ
ᠡᠢᠮᠦ ᠰᠠᠢᠬᠠᠨ
ᠵᠢᠷᠣᠭ᠎ᠠ ᠬᠥᠯᠥᠭ ᠤᠨ ᠨᠢᠷᠤᠭᠤᠨ ᠳᠡᠭᠡᠷ᠎ᠡ
ᠵᠢᠪᠬᠤᠭ᠎ᠠ ᠲᠡᠭᠦᠯᠳᠡᠷ ᠮᠣᠷᠳᠠᠭᠠᠳ
ᠵᠣᠯᠭᠠᠵᠤ ᠲᠠᠨᠢᠯᠴᠠᠭᠰᠠᠨ ᠨᠥᠬᠥᠳ ᠤᠳ 
ᠵᠤᠤᠵᠠᠢ ᠬᠣᠯᠪᠣᠨ ᠮᠥᠷᠥᠶ᠋ᠢᠴᠡᠯ᠎ᠡ
ᠵᠣᠷᠢᠭ ᠰᠦᠯᠳᠡ ᠳᠡᠮ ᠤᠨ ᠬᠦᠴᠦ ᠪᠡᠷ
ᠵᠢᠯᠣᠭᠣ ᠴᠣᠯᠪᠤᠭᠤᠷ ᠭᠠᠷ ᠤᠨ ᠠᠶ᠎ᠠ ᠪᠠᠷ
ᠮᠣᠷᠢᠨ ᠲᠥᠪᠡᠷᠭᠡᠨ ᠲᠦᠷᠴᠢᠭᠢᠨᠡᠨ
ᠮᠤᠨᠳᠠᠭ᠎ᠠ ᠰᠡᠭᠦᠯ ᠨᠢ ᠭᠣᠨᠵᠢᠰᠬᠢᠯ᠎ᠡ
ᠠᠷᠰᠯᠠᠨ ᠪᠠᠷᠰ ᠢᠷᠡᠭᠰᠡᠨ ᠰᠢᠭ᠌
ᠠᠶᠤᠩᠭᠠᠲᠤ ᠪᠣᠷᠣᠭᠠᠨ ᠣᠷᠣᠭᠰᠠ ᠰᠢᠭ᠋
ᠭᠠᠵᠠᠷ ᠤᠨ ᠬᠥᠷᠥᠰᠥ ᠳᠣᠭᠳᠣᠯᠤᠨ
ᠬᠡᠪᠢᠰᠲᠤ ᠲᠠᠯ᠎ᠠ ᠭᠡᠪᠬᠢᠰᠬᠢᠨ
ᠭᠠᠩ ᠲᠤᠭᠤᠷᠠᠢ ᠭᠢᠯᠠᠰᠬᠢᠨ
ᠭᠠᠷ ᠤᠨ ᠲᠠᠰᠢᠭᠤᠷ ᠡᠷᠭᠢᠭᠦᠯᠦᠨ
ᠭᠠᠩᠭ᠎ᠠ ᠬᠡᠭᠡᠷ ᠭᠣᠨᠵᠢᠰᠬᠢᠨ
ᠭᠠᠨᠵᠤᠭ᠎ᠠ ᠲᠡᠷᠯᠢᠭ ᠳᠡᠷᠪᠡᠰᠬᠢᠨ
ᠬᠠᠰᠢᠷ ᠠᠳᠤᠭᠤᠴᠢᠨ ᠥᠨᠳᠡᠰᠬᠢᠯ᠎ᠡ
ᠵᠠ ᠡ!
ᠮᠠᠩᠬ᠎ᠠ ᠰᠢᠷᠣᠢ ᠪᠤᠲᠠᠷᠠᠰᠬᠢᠨ
ᠮᠠᠨᠠᠨ ᠲᠣᠭᠣᠰᠣ ᠲᠡᠭᠳᠡᠰᠬᠢᠨ
ᠮᠠᠩᠨᠤᠭ ᠨᠣᠭᠣᠭᠠᠨ ᠲᠠᠯ᠎ᠠ ᠶ᠋ᠢᠨ ᠳᠤᠮᠳᠠᠭᠤᠷ
ᠮᠠᠯᠴᠢᠨ ᠰᠡᠷᠡᠩ ᠤᠨ ᠵᠢᠷᠣᠭ᠎ᠠ ᠬᠡᠭᠡᠷ
ᠮᠠᠩᠯᠠᠢᠯᠠᠵᠤ ᠭᠠᠷᠬᠤ ᠪᠠᠷ ᠰᠤᠪᠤᠷᠠᠵᠤ ᠢᠷᠡᠭᠡᠳ 
ᠮᠠᠨᠳᠤᠬᠤ ᠶ᠋ᠢᠨ ᠤᠨᠤᠭᠰᠠᠨ ᠬᠤᠷᠳᠤᠨ ᠵᠡᠭᠡᠷᠳᠡ ᠵᠢ
ᠳᠠᠭᠠᠷᠢᠵᠤ ᠭᠠᠷᠤᠭᠠᠳ ᠲᠡᠷᠢᠭᠦᠯᠡᠵᠦ ᠢᠷᠡᠭᠰᠡᠨ ᠨᠢ 
ᠳᠠᠶᠠᠭᠠᠷ ᠣᠯᠠᠨ ᠭᠠᠢᠬᠠᠵᠤ ᠪᠠᠢᠲᠠᠯ᠎ᠠ
ᠠᠳᠤᠭᠤᠨ ᠰᠣᠶᠣᠯ ᠤᠨ ᠬᠢᠨᠠᠭᠴᠢ ᠳᠠᠭᠠᠭᠠᠮᠠᠯ
ᠠᠪᠤᠨ ᠳᠣᠣᠷ᠎ᠠ ᠪᠠᠨ ᠵᠠᠷᠯᠠᠵᠤ ᠭᠠᠷᠤᠯ᠎ᠠ
ᠠᠷᠠᠳ ᠣᠯᠠᠨ ᠤ᠋ ᠠᠯᠠᠭ᠎ᠠ ᠲᠡᠰᠢᠯᠲᠡ
ᠠᠬᠢᠨ ᠳᠠᠬᠢᠨ ᠨᠢᠵᠢᠭᠢᠨᠡᠯ᠎ᠡ᠃
ᠮᠠᠰᠢ ᠣᠯᠠᠨ ᠦᠵᠡᠭᠴᠢᠳ
ᠮᠠᠭᠲᠠᠵᠤ ᠦᠨᠡᠯᠡᠭᠰᠠᠨ ᠨᠢ ᠣᠯᠠᠨ ᠭᠡᠨ᠎ᠡ
ᠮᠠᠨ ᠤ᠋ ᠮᠣᠷᠢᠳ ᠲᠡᠷᠢᠭᠦᠯᠡᠯ᠎ᠠ ᠭᠡᠳ
ᠮᠠᠯᠴᠢᠨ ᠠᠷᠠᠳ ᠤᠳ  ᠪᠠᠶᠠᠰᠤᠯᠴᠠᠯ᠎ᠠ
ᠡᠢᠮᠦ ᠭᠠᠢᠬᠠᠮᠰᠢᠭᠲᠤ ᠣᠷᠳᠣᠰ ᠵᠢᠷᠣᠭ᠎ᠠ ᠮᠣᠷᠢᠳ ᠤᠨ   
ᠲᠡᠷᠢᠭᠦᠨ ᠎ᠨᠢ ᠡᠷᠭᠦᠮᠵᠢᠯᠡᠨ ᠮᠠᠭᠲᠠᠪᠠᠰᠤ
ᠤᠨᠤᠭᠰᠠᠨ ᠬᠥᠮᠦᠨ ᠤ᠋ ᠬᠢᠨᠢ ᠬᠡᠢ ᠮᠣᠷᠢ ᠮᠠᠨᠲᠤᠵᠤ
ᠵᠢᠷᠣᠭᠠᠯᠠᠭᠰᠠᠨ ᠭᠠᠵᠠᠷ ᠨᠡᠷ᠎ᠡ ᠠᠯᠳᠠᠷᠰᠢᠨ
ᠦᠵᠡᠭᠰᠡᠨ ᠪᠥᠭᠦᠳᠡ ᠶ᠋ᠢᠨ ᠰᠡᠤᠠᠬᠢᠯ᠎ ᠢ ᠪᠠᠶᠠᠰᠬᠠᠨ
ᠲᠥᠮᠡᠨ ᠠᠭᠲᠠ ᠶ᠋ᠢᠨ ᠳᠣᠲᠣᠷ᠎ᠠ ᠠ᠋ᠴᠠ
ᠲᠡᠷᠢᠭᠦᠯᠡᠵᠦ ᠢᠷᠡᠭᠰᠡᠨ ᠬᠥᠯᠥᠭ ᠦ᠋ᠳ ᠶᠤᠮ
ᠲᠦᠷᠦ ᠭᠦᠷᠦ ᠶ᠋ᠢᠨ ᠮᠥᠷᠥᠶ᠋ᠢᠴᠡᠭᠡᠨ᠎ᠳ᠋ᠦ᠍
ᠲᠥᠮᠡ ᠮᠢᠩᠭ᠎ᠠ ᠪᠠᠷ ᠱᠠᠩᠨᠠᠭᠳᠠᠭᠰᠠᠨ
ᠡᠵᠡᠨ ᠲᠡᠭᠷᠢ ᠶ᠋ᠢᠨ ᠤᠨᠠᠭ᠎ᠠ
ᠡᠷᠳᠡᠨᠢ ᠶ᠋ᠢᠨ ᠰᠢᠨᠵᠢ ᠪᠦᠷᠢᠳᠦᠭᠰᠡᠨ
ᠡᠮᠨᠡᠭ ᠲᠣᠭᠰᠢᠨ ᠬᠤᠯᠠᠨ ᠵᠢᠭᠡᠨᠳᠡᠢ
ᠬᠤᠷᠳᠤᠨ ᠵᠢᠷᠣᠭ᠎ᠠ ᠭᠥᠯᠥᠭ ᠮᠣᠷᠢ ᠵᠢ ᠴᠢᠨᠢ
ᠬᠤᠤᠷᠠᠵᠠ ᠠᠷᠠᠵᠠ ᠰᠥᠨ ᠰᠠᠷᠬᠤᠳ ᠢᠶᠠᠷ ᠢᠷᠥᠭᠡᠵᠦ ᠮᠢᠯᠢᠶᠠᠮᠤᠢ!
ᠬᠤᠷᠠᠨ ᠴᠤᠭᠯᠠᠷᠠᠭᠰᠠᠨ ᠲᠥᠮᠡᠨ ᠪᠥᠭᠦᠳᠡ ᠶ᠋ᠢᠨ ᠲᠥᠪ ᠳᠤᠮᠳᠠ
ᠡᠩᠬᠡ ᠶᠠᠪᠤᠵᠤ ᠴᠡᠩᠭᠡᠨ ᠵᠢᠷᠭᠠᠬᠤ ᠶ᠋ᠢᠨ ᠪᠡᠯᠭᠡ ᠲᠡᠢ ᠪᠣᠯᠲᠤᠭᠠᠢ!
ᠲᠡᠷᠡ ᠪᠡᠯᠭᠡ ᠪᠡᠷ ᠪᠣᠯᠲᠤᠭᠠᠢ!


        2011ᠣᠨ ᠤ  8 ᠰᠠᠷ᠎ᠠ ᠶ᠋ᠢᠨ 4᠎ ᠤ᠋ ᠡᠳᠦᠷ ᠵᠣᠬᠢᠶᠠᠪᠠ᠃
   ᠦᠰᠦᠭ ᠠᠮᠢᠯᠠᠭᠤᠯᠤᠭᠴᠢ ᠦᠰᠦᠭ ᠬᠠᠳᠠᠭᠴᠢ᠄ ᠬᠡᠷᠡᠢᠳ ᠨᠠᠷᠠᠰᠤ
   ᠬᠢᠨᠠᠭᠴᠢ᠄ ᠤᠳᠬᠠᠨᠰᠸ᠎ᠠ