ᠲᠣᠮᠣᠭᠠᠲᠠᠢ ᠬᠥᠮᠦᠨ – ᠳ ᠂ ᠳ᠋ᠠᠷᠵᠠ ᠌ Томоотой хүн – Д ᠂ Дарза ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠣᠮᠣᠭᠠᠲᠠᠢ ᠬᠥᠮᠦᠨ – ᠳ ᠂ ᠳ᠋ᠠᠷᠵᠠ ᠌ Томоотой хүн – Д ᠂ Дарза

ᠲᠣᠮᠣᠭᠠᠲᠠᠢ ᠬᠥᠮᠦᠨ – ᠳ ᠂ ᠳ᠋ᠠᠷᠵᠠ ᠌ Томоотой хүн – Д ᠂ Дарза

ᠠᠩᠭᠢᠯᠠᠯ:ᠬᠣᠱᠣᠩ ᠱᠣᠭ
2023-09-14

248

ᠲᠣᠮᠣᠭᠠᠲᠠᠢ ᠬᠥᠮᠥᠨ


                        ( ᠬᠣᠱᠣᠩ ᠰᠢᠯᠦᠭ )  

  ᠬᠠᠷᠠᠵᠠ ᠶ᠋ᠢᠨ ᠬᠠᠷ᠎ᠠ ᠤᠰᠤ ᠰᠢᠭ᠋ ᠬᠠᠷᠠᠴᠠ ᠲᠠᠢ 
  ᠬᠠᠳᠠᠨ ᠰᠡᠢᠯᠦᠮᠡᠯ ᠰᠢᠭ ᠲᠣᠭᠲᠠᠪᠤᠷᠢᠲᠠᠢ 
  ᠮᠡᠨᠳᠦᠯᠡᠬᠦ ᠡᠴᠡ ᠥᠭᠡᠷ᠎ᠡ ᠳᠤᠤᠭᠠᠷᠳᠠᠭ ᠦᠭᠡᠢ 
  ᠮᠢᠰᠢᠶᠡᠬᠦ ᠡᠴᠡ ᠥᠭᠡᠷ᠎ᠡ ᠬᠥᠳᠡᠯᠳᠡᠭ ᠦᠭᠡᠢ᠃  
  ᠲᠣᠮᠣᠭᠠᠲᠠᠢ ᠶ᠋ᠢ ᠨᠢ ᠭᠠᠢᠬᠠᠵᠤ ᠪᠠᠢᠭᠠᠳ 
  ᠲᠣᠳᠣᠷᠬᠠᠢ ᠠᠵᠢᠯ ᠳ᠋ᠤ᠌ ᠲᠡᠭᠦᠨ ᠢ᠋ ᠠᠪᠴᠠᠢ  
  ᠰᠠᠨᠠᠭ᠎ᠠ ᠠᠮᠤᠷ ᠮᠥᠨ ᠴᠦ᠍ ᠪᠠᠷ᠎ᠠ ᠲᠠᠢ 
  《 ᠰᠠᠢᠰᠢᠶᠠᠮᠠᠷ ᠲᠤᠩ ᠴᠤ᠌ ᠲᠣᠮᠣᠭᠠᠲᠠᠢ ᠁》 
  ᠪᠦᠲᠦᠨ ᠵᠢᠯ ᠪᠣᠯᠤᠭᠰᠠᠨ ᠴᠤ᠌ ᠭᠡᠰᠡᠨ  
  ᠪᠦᠲᠦᠭᠡᠭᠰᠡᠨ ᠶᠠᠭᠤᠮ᠎ᠠ ᠦᠭᠡᠢ ᠴᠦ᠍ ᠭᠡᠰᠡᠨ  
  ᠣᠷᠣᠨ ᠲᠣᠭᠠᠨ ᠳ᠋ᠤ᠌ ᠪᠥᠭᠯᠡᠭᠡᠰᠦᠲᠡᠢ 
  ᠰᠠᠨᠠᠭ᠎ᠠ ᠠᠮᠤᠷ ᠮᠥᠨ ᠴᠦ᠍ ᠪᠠᠷ᠎ᠠ ᠲᠠᠢ 
  《 ᠰᠠᠢᠰᠢᠶᠠᠮᠠᠷ ᠲᠤᠩ ᠴᠤ᠌ ᠲᠣᠮᠣᠭᠠᠲᠠᠢ》  
  ᠠᠮᠢᠳᠤ ᠵᠢᠷᠤᠭ ᠭᠡᠳᠡᠭ ᠴᠢᠨᠢ ᠯᠡ 
  ᠠᠷᠭ᠎ᠠ ᠦᠭᠡᠢ ᠡᠨᠡ ᠮᠥᠨ ᠪᠤᠶᠤ 
  ᠠᠷᠭ᠎ᠠ ᠦᠭᠡᠢ ᠡᠨᠡ ᠪᠤᠶᠤ  
  ᠳᠠᠭᠠᠳᠬᠠᠵᠤ ᠪᠣᠯᠳᠠᠭ ᠰᠠᠨ ᠪᠣᠯ  
  ᠳᠠᠬᠢᠭᠠᠳ ᠡᠢᠮᠦ ᠬᠥᠮᠦᠨ ᠪᠤᠤ ᠲᠥᠷᠥᠭᠡᠰᠡᠢ!   

《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

    ᠦᠰᠦᠭ ᠠᠮᠢᠯᠠᠭᠤᠯᠤᠭᠰᠠᠨ ᠨᠢ᠄   ᠪᠠᠭᠠᠲᠤᠷ  
    ᠬᠢᠨᠠᠭ᠍ᠴᠢ :   ᠴᠣᠯᠮᠣᠨᠲᠤᠶᠠᠭ᠎ᠠ 

                 2023᠂ 9᠂ 7