ᠴᠠᠭᠠᠨ ᠰᠠᠷ᠎ᠠ ᠪᠣᠯᠬᠤ ᠳ᠋ᠤ᠌ ᠬᠡᠦᠬᠡᠳ ᠪᠦᠷ ᠳᠤᠷᠠᠲᠠᠢ— ᠪᠣᠷᠵᠢᠭᠢᠨ ᠰᠠᠢᠨᠪᠠᠶᠠᠷЦагаан сар болоход хүүхэд бүр дуртай— боржгин сайнбаяр ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭᠠᠨ ᠰᠠᠷ᠎ᠠ ᠪᠣᠯᠬᠤ ᠳ᠋ᠤ᠌ ᠬᠡᠦᠬᠡᠳ ᠪᠦᠷ ᠳᠤᠷᠠᠲᠠᠢ— ᠪᠣᠷᠵᠢᠭᠢᠨ ᠰᠠᠢᠨᠪᠠᠶᠠᠷЦагаан сар болоход хүүхэд бүр дуртай— боржгин сайнбаяр

ᠴᠠᠭᠠᠨ ᠰᠠᠷ᠎ᠠ ᠪᠣᠯᠬᠤ ᠳ᠋ᠤ᠌ ᠬᠡᠦᠬᠡᠳ ᠪᠦᠷ ᠳᠤᠷᠠᠲᠠᠢ— ᠪᠣᠷᠵᠢᠭᠢᠨ ᠰᠠᠢᠨᠪᠠᠶᠠᠷЦагаан сар болоход хүүхэд бүр дуртай— боржгин сайнбаяр

2023-09-14

404

ᠴᠠᠭᠠᠨ ᠰᠠᠷ᠎ᠠ ᠪᠣᠯᠬᠤ ᠳ᠋ᠤ᠌ ᠬᠡᠦᠬᠡᠳ ᠪᠦᠷ ᠳᠤᠷᠠᠲᠠᠢ

( ᠳᠤᠷᠠᠰᠤᠮᠵᠢ ) 
— ᠪᠣᠷᠵᠢᠭᠢᠨ ᠰᠠᠢᠨᠪᠠᠶᠠᠷ 

ᠴᠠᠭᠠᠨ ᠰᠠᠷ᠎ᠠ ᠪᠣᠯᠬᠤ ᠭᠣᠶᠣ 
ᠬᠡᠦᠬᠡᠳ ᠬᠠᠮᠤᠭ ᠠ᠋ᠴᠠ ᠬᠦᠰᠡᠳᠡᠭ 
ᠴᠣᠬᠣᠢᠳᠠᠭᠰᠠᠨ ᠬᠠᠨ᠎ᠠ ᠴᠠᠪ ᠴᠠᠭᠠᠨ 
ᠴᠠᠭᠠᠰᠤᠨ ᠵᠢᠷᠤᠭ ᠨᠠᠭᠠᠬᠤ ᠪᠠᠷ ᠨᠡᠩ ᠭᠣᠶᠣ 

ᠴᠠᠭᠠᠨ ᠰᠠᠷ᠎ᠠ ᠪᠣᠯᠬᠤ ᠭᠣᠶᠣ 
ᠬᠡᠦᠬᠡᠳ ᠬᠠᠮᠤᠭ ᠠ᠋ᠴᠠ ᠳᠤᠷᠠᠲᠠᠢ 
ᠰᠢᠨ᠎ᠡ ᠬᠤᠪᠴᠠᠰᠤ᠂ ᠱᠠᠬᠠᠢ ᠭᠤᠲᠤᠯ ᠭᠣᠶᠣ 
ᠴᠢᠪᠠᠭ᠎ᠠ᠂ ᠮᠠᠨᠵᠤ ᠪᠣᠭᠣᠷᠰᠣᠭ᠂ ᠬᠠᠷ᠎ᠠ ᠠᠯᠢᠮ᠎ᠠ ᠨᠡᠩ ᠭᠣᠶᠣ ᠁ 

ᠬᠣᠢᠮᠣᠷ ᠰᠠᠭᠠᠲᠠᠭᠰᠠᠨ ᠨᠠᠰᠤᠲᠠᠳ ᠲᠤ᠌
ᠬᠥᠰᠡᠷ ᠰᠥᠬᠥᠷᠡᠭᠡᠳ ᠮᠥᠷᠭᠥᠬᠦ ᠭᠣᠶᠣ
ᠬᠠᠮᠤᠭ ᠤ᠋ᠨ ᠭᠣᠶᠣ ᠢᠷᠦᠭᠡᠯ ᠢ᠋ ᠨᠢ ᠬᠢᠴᠢᠶᠡᠵᠦ
ᠬᠦᠨᠳᠦᠯᠡᠵᠦ ᠰᠣᠨᠣᠰᠬᠤ ᠨᠢ ᠴᠦ᠍ ᠭᠣᠶᠣ

ᠬᠠᠢᠷᠠᠲᠠᠢ ᠪᠤᠭᠤᠷᠤᠯ ᠡᠮᠡᠭᠡ ᠳ᠋ᠡᠭᠡᠨ
ᠬᠠᠴᠠᠷ ᠢ᠋ᠶ᠋ᠠᠨ ᠨᠠᠭᠠᠨ ᠦᠨᠦᠰᠦᠭᠦᠯᠬᠦ ᠭᠣᠶᠣ
ᠬᠠᠮᠤᠭ ᠤ᠋ᠨ ᠠᠮᠲᠠᠲᠠᠢ ᠰᠢᠬᠢᠷ ᠢ᠋ᠶ᠋ᠡᠷ ᠨᠢ
ᠬᠠᠯᠠᠭᠠᠰᠤ ᠳᠦᠭᠦᠷᠡᠩ ᠱᠠᠩᠨᠠᠭᠤᠯᠬᠤ ᠨᠡᠩ ᠭᠣᠶᠣ

ᠴᠡᠴᠡᠭ ᠦ᠋ᠨ ᠬᠡ ᠲᠡᠢ ᠲᠡᠷᠯᠢᠭ ᠢ᠋ᠶ᠋ᠡᠨ
ᠰᠢᠨ᠎ᠡ ᠶ᠋ᠢᠨ ᠪᠤᠤᠰᠠ ᠪᠠᠷ 《ᠮᠢᠯᠢᠶᠠᠯᠭᠠᠬᠤ》ᠴᠤ᠌ ᠭᠣᠶᠣ
ᠴᠢ ᠨᠠᠳᠠ ᠶ᠋ᠢ ᠬᠠᠮᠢᠭ᠎ᠠ ᠪᠠᠨ
ᠰᠠᠨᠠᠪᠠ ᠭᠡᠵᠦ ᠡᠮᠡᠭᠡ ᠠᠰᠠᠭᠤᠬᠤᠯᠠᠷ
ᠴᠦᠷᠳᠦᠢᠭᠰᠡᠨ ᠭᠡᠳᠡᠰᠦ ᠪᠡᠨ ᠳᠡᠭᠦᠦ ᠮᠢᠨᠢ ᠵᠢᠭᠠᠳᠠᠭ ᠨᠢ ᠴᠦ᠍ ᠭᠣᠶᠣ ᠠ᠋ ᠁

ᠣᠯᠠᠨ ᠵᠢᠯ ᠦ᠋ᠨ ᠡᠮᠦᠨ᠎ᠡ
ᠪᠢᠳᠡ ᠬᠡᠦᠬᠡᠳ ᠪᠠᠢᠭᠰᠠᠨ ᠶᠤᠮ
ᠣᠯᠠᠨ ᠵᠢᠯ ᠦ᠋ᠨ ᠡᠮᠦᠨᠡᠬᠢ ᠰᠢᠨᠡᠯᠡᠬᠦ ᠭᠡᠵᠦ
ᠪᠠᠷᠤᠭ ᠪᠦᠷ ᠡᠢᠮᠦ ᠪᠠᠢᠭᠰᠠᠨ ᠶᠤᠮ ᠠ᠋ ᠁

   ᠦᠰᠦᠭ ᠠᠮᠢᠯᠠᠭᠤᠯᠤᠭᠴᠢ᠄ ᠨᠡᠷᠡᠨ᠎ᠡ
   ᠬᠢᠨᠠᠭᠴᠢ᠄ ᠮᠤᠩᠭᠤᠯᠬᠦᠦ