ᠬᠠᠮᠲᠤ ᠪᠠᠢᠭᠠᠰᠠᠢ -ᠮᠠᠨᠳᠤᠬᠤ ᠪᠠᠭᠰᠢ ᠶᠢᠨ ᠤᠷᠠᠨ ᠪᠢᠴᠢᠯᠭᠡ
ᠬᠠᠮᠲᠤ ᠪᠠᠢᠭᠠᠰᠠᠢ
ᠦᠭᠡ ᠄ ᠳᠣᠷᠵᠢ
ᠠᠶ᠎ᠠ᠄ ᠠᠭᠲᠠᠴᠢᠨ ᠂ ᠵᠣᠷᠢᠭᠲᠤ
ᠳᠠᠭᠤᠴᠢᠨ ᠄ ᠤᠯᠠᠭᠠᠩᠬᠤᠸᠠᠷ᠂ ᠣᠶᠤᠨᠪᠤᠯᠠᠭ
ᠡᠷᠡᠭᠦᠯ ᠮᠡᠨᠳᠦ ᠪᠡᠶ᠎ᠡ ᠲᠡᠢ ᠴᠢᠨᠢ ᠬᠠᠮᠲᠤ ᠪᠠᠢᠭᠠᠰᠠᠢ
ᠢᠨᠢᠶᠡᠳᠦ ᠪᠠᠶᠠᠰᠤᠯ ᠠᠮᠢᠳᠤᠷᠠᠯ ᠲᠠᠢ ᠴᠢᠨᠢ ᠬᠠᠮᠲᠤ ᠪᠠᠢᠭᠠᠰᠠᠢ
ᠡᠰᠡᠷᠡᠭ ᠥᠭᠡᠳᠡ ᠵᠠᠶᠠᠭ᠎ᠠ ᠲᠠᠢ ᠴᠢᠨᠢ ᠬᠠᠮᠲᠤ ᠪᠠᠢᠭᠠᠰᠠᠢ
ᠡᠩᠬᠡ ᠲᠠᠢᠪᠤᠩ ᠵᠢᠷᠭᠠᠯ ᠲᠠᠢ ᠴᠢᠨᠢ ᠬᠠᠮᠲᠤ ᠪᠠᠢᠭᠠᠰᠠᠢ᠃
ᠬᠠᠮᠲᠤ ᠪᠠᠢᠭᠠᠰᠠᠢ ᠬᠠᠮᠲᠤ ᠳ᠋ᠠᠭᠠᠨ ᠪᠠᠢᠭᠠᠰᠠᠢ
ᠬᠠᠮᠤᠭ ᠤ᠋ᠨ ᠰᠠᠢᠬᠠᠨ ᠤᠴᠠᠷᠠᠯ ᠪᠦᠬᠦᠨ ᠲᠡᠢ ᠬᠠᠮᠲᠤ ᠪᠠᠢᠭᠠᠰᠠᠢ
ᠬᠠᠮᠲᠤ ᠪᠠᠢᠭᠠᠰᠠᠢ ᠬᠠᠮᠲᠤ ᠳ᠋ᠠᠭᠠᠨ ᠪᠠᠢᠭᠠᠰᠠᠢ
ᠬᠠᠨᠢ ᠨᠥᠬᠥᠳ ᠦ᠋ᠨ ᠢ᠋ᠶ᠋ᠡᠨ ᠬᠠᠢᠷ᠎ᠠ ᠵᠢᠷᠭᠠᠯ ᠢ᠋ᠶ᠋ᠠᠷ ᠳᠦᠭᠦᠷᠡᠩ ᠪᠠᠢᠭᠠᠰᠠᠢ᠃
ᠠᠮᠵᠢᠯᠲᠠ ᠪᠦᠲᠦᠭᠡᠯ ᠦᠢᠯᠡᠰ ᠲᠡᠢ ᠴᠢᠨᠢ ᠬᠠᠮᠲᠤ ᠪᠠᠢᠭᠠᠰᠠᠢ
ᠠᠯᠳᠠᠷ ᠨᠡᠷ᠎ᠡ ᠵᠢᠳᠬᠦᠯ ᠲᠡᠢ ᠴᠢᠨᠢ ᠬᠠᠮᠲᠤ ᠪᠠᠢᠭᠠᠰᠠᠢ
ᠠᠪᠢᠶᠠᠰ ᠪᠢᠯᠢᠭ ᠤᠬᠠᠭᠠᠨ ᠲᠠᠢ ᠴᠢᠨᠢ ᠬᠠᠮᠲᠤ ᠪᠠᠢᠭᠠᠰᠠᠢ
ᠠᠷᠢᠭᠤᠨ ᠬᠠᠢᠷ᠎ᠠ ᠠᠴᠢᠯᠠᠯ ᠲᠠᠢ ᠴᠢᠨᠢ ᠬᠠᠮᠲᠤ ᠪᠠᠢᠭᠠᠰᠠᠢ᠃
ᠬᠠᠮᠲᠤ ᠪᠠᠢᠭᠠᠰᠠᠢ ᠬᠠᠮᠲᠤ ᠳ᠋ᠠᠭᠠᠨ ᠪᠠᠢᠭᠠᠰᠠᠢ
ᠬᠠᠮᠤᠭ ᠤ᠋ᠨ ᠰᠠᠢᠬᠠᠨ ᠤᠴᠠᠷᠠᠯ ᠪᠦᠬᠦᠨ ᠲᠡᠢ ᠬᠠᠮᠲᠤ ᠪᠠᠢᠭᠠᠰᠠᠢ
ᠬᠠᠮᠲᠤ ᠪᠠᠢᠭᠠᠰᠠᠢ ᠬᠠᠮᠲᠤ ᠳ᠋ᠠᠭᠠᠨ ᠪᠠᠢᠭᠠᠰᠠᠢ
ᠬᠠᠨᠢ ᠨᠥᠬᠥᠳ ᠦ᠋ᠨ ᠢ᠋ᠶ᠋ᠡᠨ ᠬᠠᠢᠷ᠎ᠠ ᠵᠢᠷᠭᠠᠯ ᠢ᠋ᠶ᠋ᠠᠷ ᠳᠦᠭᠦᠷᠡᠩ ᠪᠠᠢᠭᠠᠰᠠᠢ᠃
ᠡᠪ ᠨᠠᠢᠷ ᠦᠨᠳᠦᠰᠦ ᠲᠡᠢ ᠴᠢᠨᠢ ᠬᠠᠮᠲᠤ ᠪᠠᠢᠭᠠᠰᠠᠢ
ᠡᠶ᠎ᠡ ᠵᠣᠬᠢᠴᠠᠯ ᠤᠭᠰᠠᠭ᠎ᠠ ᠲᠠᠢ ᠴᠢᠨᠢ ᠬᠠᠮᠲᠤ ᠪᠠᠢᠭᠠᠰᠠᠢ
ᠬᠥᠭᠵᠢᠶᠡᠨ ᠨᠠᠷᠭᠢᠶᠠᠨ ᠰᠡᠳᠬᠢᠯ ᠲᠡᠢ ᠴᠢᠨᠢ ᠬᠠᠮᠲᠤ ᠪᠠᠢᠭᠠᠰᠠᠢ
ᠬᠦᠰᠡᠯ ᠮᠥᠷᠥᠭᠡᠳᠦᠯ ᠢᠷᠡᠭᠡᠳᠦᠢ ᠲᠡᠢ ᠴᠢᠨᠢ ᠬᠠᠮᠲᠤ ᠪᠠᠢᠭᠠᠰᠠᠢ᠃
ᠬᠠᠮᠲᠤ ᠪᠠᠢᠭᠠᠰᠠᠢ ᠬᠠᠮᠲᠤ ᠳ᠋ᠠᠭᠠᠨ ᠪᠠᠢᠭᠠᠰᠠᠢ
ᠬᠠᠮᠤᠭ ᠤ᠋ᠨ ᠰᠠᠢᠬᠠᠨ ᠤᠴᠠᠷᠠᠯ ᠪᠦᠬᠦᠨ ᠲᠡᠢ ᠬᠠᠮᠲᠤ ᠪᠠᠢᠭᠠᠰᠠᠢ
ᠬᠠᠮᠲᠤ ᠪᠠᠢᠭᠠᠰᠠᠢ ᠬᠠᠮᠲᠤ ᠳ᠋ᠠᠭᠠᠨ ᠪᠠᠢᠭᠠᠰᠠᠢ
ᠬᠠᠨᠢ ᠨᠥᠬᠥᠳ ᠦ᠋ᠨ ᠢ᠋ᠶ᠋ᠡᠨ ᠬᠠᠢᠷ᠎ᠠ ᠵᠢᠷᠭᠠᠯ ᠢ᠋ᠶ᠋ᠠᠷ ᠳᠦᠭᠦᠷᠡᠩ ᠪᠠᠢᠭᠠᠰᠠᠢ
ᠬᠠᠨᠢ ᠨᠥᠬᠥᠳ ᠦ᠋ᠨ ᠢ᠋ᠶ᠋ᠡᠨ ᠬᠠᠢᠷ᠎ᠠ ᠵᠢᠷᠭᠠᠯ ᠢ᠋ᠶ᠋ᠠᠷ ᠳᠦᠭᠦᠷᠡᠩ ᠪᠠᠢᠭᠠᠰᠠᠢ᠃
ᠦᠰᠦᠭ ᠠᠮᠢᠯᠠᠭᠤᠯᠤᠭᠴᠢ᠄ ᠨᠠᠷᠠᠨᠲᠣᠭᠣᠰ
ᠬᠢᠨᠠᠭᠴᠢ᠄ ᠤᠤᠭᠠᠨᠵᠢᠳ
