ᠠᠯᠲᠠᠨ ᠭᠠᠳᠠᠰᠤ ᠪᠠ ᠳᠣᠯᠣᠭᠠᠨ ᠪᠤᠷᠬᠠᠨ ᠣᠳᠣ-ᠮᠣᠩᠭᠣᠯ ᠠᠷᠠᠳ ᠤᠨ ᠦᠯᠢᠭᠡᠷАлтан гадас ба долоон бурхан од- Монгол ардын үлгэр
ᠠᠯᠲᠠᠨ ᠭᠠᠳᠠᠰᠤ ᠪᠠ ᠳᠣᠯᠣᠭᠠᠨ ᠪᠤᠷᠬᠠᠨ ᠣᠳᠣ
ᠣᠭᠲᠠᠷᠭᠤᠢ ᠶ᠋ᠢᠨ ᠠᠭᠤᠳᠠᠮ ᠤ᠋ᠨ ᠳᠤᠮᠳᠠ ᠣᠳᠣ ᠮᠡᠴᠢᠳ ᠭᠢᠯᠠᠯᠵᠠᠨ ᠰᠥᠨᠢ ᠪᠣᠯᠵᠠᠢ᠃ᠲᠦᠮᠡ ᠲᠦᠮᠡ ᠪᠤᠮᠠᠨ ᠣᠳᠣ ᠡᠷᠬᠡᠰ ᠦ᠋ᠨ ᠵᠠᠢ ᠴᠢᠯᠥᠭᠡᠨ ᠳ᠋ᠦ᠍ ᠠᠯᠲᠠᠨ ᠭᠠᠳᠠᠰᠤ ᠲᠣᠳᠣ ᠠ᠋ᠴᠠ ᠲᠣᠳᠣ ᠢᠯᠭᠠᠷᠠᠵᠤ᠂ ᠠᠷᠠᠢ ᠵᠡᠭᠦᠨᠲᠡᠢ ᠨᠢ ᠳᠣᠯᠣᠭᠠᠨ ᠪᠤᠷᠬᠠᠨ ᠭᠡᠷᠡᠯᠲᠦᠨ᠎ᠡ᠃ᠴᠡᠩᠬᠡᠷ ᠳᠡᠯᠭᠡᠴᠡ ᠪᠡᠨ ᠦᠵᠡᠨ ᠰᠠᠭᠤᠭ᠎ᠠ ᠴᠡᠴᠡᠭ ᠰᠢᠭ ᠬᠥᠭᠡᠷᠦᠬᠦᠨ ᠳᠡᠭᠦᠦ ᠨᠠᠷ ᠲᠤ᠌ ᠪᠠᠨ ᠬᠦᠷᠭᠡᠬᠦ ᠡᠷᠲᠡᠨ ᠦ᠌ ᠨᠢᠭᠡᠨ ᠳᠣᠮᠣᠭ ᠡᠨᠳᠡ ᠡᠴᠡ ᠡᠬᠢᠯᠡᠵᠦ ᠪᠠᠢᠨ᠎ᠠ᠃ᠬᠣᠯᠠ ᠨᠤᠲᠤᠭ ᠤ᠋ᠨ ᠨᠢᠭᠡ ᠬᠠᠭᠠᠨ ᠬᠣᠣᠰ ᠦᠭᠡᠢ ᠰᠠᠢᠬᠠᠨ ᠬᠠᠲᠤᠨ ᠲᠠᠢ ᠶᠤᠮᠰᠠᠨᠵᠠᠢ᠃
ᠬᠠᠢᠷᠠᠲᠠᠢ ᠬᠠᠲᠤᠨ ᠢ᠋ᠶ᠋ᠠᠨ ᠬᠠᠭᠠᠨ ᠬᠠᠮᠢᠭᠠᠰᠢ ᠨᠢ ᠴᠦ᠍ ᠭᠠᠷᠭᠠᠯ ᠦᠭᠡᠢ ᠦᠷᠭᠦᠯᠵᠢ ᠯᠡ ᠣᠷᠳᠣᠨ ᠳ᠋ᠤ᠌ ᠪᠠᠨ ᠪᠠᠢᠯᠭᠠᠳᠠᠭ ᠪᠠᠢᠵᠠᠢ᠃ᠬᠠᠲᠤᠨ ᠨᠢ ᠨᠢᠭᠡ ᠤᠳᠠᠭ᠎ᠠ ᠬᠠᠭᠠᠨᠲᠠᠨ ᠠ᠋ᠴᠠ ᠪᠠᠨ ᠭᠠᠳᠠᠭ᠎ᠠ ᠭᠠᠷᠴᠤ ᠴᠡᠴᠡᠷᠯᠢᠭ ᠢ᠋ᠶ᠋ᠡᠷ᠂ ᠵᠤᠭᠠᠯᠠᠬᠤ ᠶ᠋ᠢ ᠭᠤᠶᠤᠵᠤ ᠭᠡᠨ᠎ᠡ᠃ᠡᠨᠡ ᠤᠳᠠᠭ᠎ᠠ ᠳ᠋ᠤ᠌ ᠬᠠᠢᠷᠠᠲᠠᠢ ᠬᠠᠲᠤᠨ ᠤ᠋ ᠪᠠᠨ ᠭᠤᠶᠤᠯᠲᠠ ᠶ᠋ᠢ ᠬᠠᠭᠠᠨ ᠠᠷᠭ᠎ᠠ ᠦᠭᠡᠢ ᠶ᠋ᠢᠨ ᠡᠷᠬᠡᠨ ᠳ᠋ᠦ᠍ ᠵᠥᠪᠰᠢᠶᠡᠷᠡᠵᠡᠢ᠃
ᠬᠥᠭᠡᠷᠴᠦ ᠳᠣᠭᠳᠣᠯᠤᠭᠰᠠᠨ ᠬᠠᠲᠤᠨ ᠤ᠋ ᠬᠥᠯ ᠬᠥᠩᠭᠡᠷᠡᠵᠦ᠂ ᠴᠡᠴᠡᠷᠯᠢᠭᠲᠦ ᠬᠦᠷᠢᠶᠡᠯᠡᠩ ᠢ᠋ᠶ᠋ᠡᠷ ᠴᠡᠩᠭᠡᠨ ᠵᠤᠭᠠᠯᠠᠵᠤ ᠶᠠᠪᠤᠲᠠᠯ᠎ᠠ᠂ ᠬᠠᠷᠢ ᠭᠠᠵᠠᠷ ᠤ᠋ᠨ ᠵᠢᠰᠦ ᠦᠵᠡᠭᠳᠡᠭᠡ ᠦᠭᠡᠢ ᠨᠢᠭᠡᠨ ᠰᠢᠪᠠᠭᠤ ᠬᠠᠷᠪᠤᠭᠰᠠᠨ ᠰᠤᠮᠤ ᠰᠢᠭ᠋ ᠳᠡᠭᠦᠯᠢᠨ ᠢᠷᠡᠭᠡᠳ᠂ ᠰᠢᠭᠦᠷᠡᠴᠦ ᠣᠳᠴᠠᠢ᠃ ᠮᠡᠭᠳᠡᠵᠦ ᠰᠠᠨᠳᠤᠷᠤᠭᠰᠠᠨ ᠬᠠᠭᠠᠨ ᠮᠡᠷᠭᠡᠨ ᠵᠢᠷᠤᠬᠠᠢᠴᠢ ᠪᠠᠨ ᠳᠠᠭᠤᠳᠠᠵᠤ ᠄ 《 ᠵᠠ᠂ ᠮᠢᠨᠦ ᠬᠠᠲᠤᠨ ᠢ᠋ ᠬᠡᠨ ᠣᠯᠵᠤ ᠢᠷᠡᠵᠦ ᠴᠢᠳᠠᠬᠤ ᠪᠣᠢ ? ᠮᠡᠷᠭᠡᠨ ᠵᠢᠷᠤᠬᠠᠢᠴᠢ ᠴᠢ ᠦᠨᠡᠨ ᠢ᠋ᠶ᠋ᠡᠷ ᠨᠢ ᠬᠡᠯᠡ 》 ᠭᠡᠯᠡ᠃
ᠵᠢᠷᠤᠬᠠᠢᠴᠢ ᠲᠡᠷᠡ ᠳᠣᠣᠷ᠎ᠠ ᠨᠢ ᠮᠡᠷᠭᠡᠯᠡᠨ ᠪᠠᠢᠵᠤ᠂ 《 ᠶᠠ ! ᠲᠠᠭᠠᠯᠠᠯ ᠶᠣᠰᠣ ᠪᠠᠷ ᠲᠠᠨ ᠤ᠋ ᠁ ᠬᠠᠢ᠂ ᠲᠠᠨ ᠤ᠋ ᠬᠠᠲᠤᠨ ᠢ᠋ ᠣᠯᠵᠤ ᠢᠷᠡᠬᠦ ᠬᠥᠮᠦᠰ ᠣᠢᠷᠠᠬᠠᠨ ᠪᠠᠢᠨ᠎ᠠ᠂ ᠬᠠᠭᠠᠨᠲᠠᠨ ᠮᠢᠨᠢ 》 ᠭᠡᠪᠡᠯ᠂ ᠬᠠᠭᠠᠨ ᠄ 《 ᠵᠠ ! ᠲᠡᠭᠡᠭᠡᠳ ? 》᠂ 《 ᠬᠠᠢ᠂ ᠠᠯᠪᠠᠲᠤ ᠨᠠᠷ ᠤ᠋ᠨ ᠴᠢᠨᠢ ᠳᠣᠲᠣᠷ᠎ᠠ ᠠᠳᠤᠭᠤ ᠮᠠᠯ ᠢ᠋ ᠴᠢᠨᠢ ᠬᠠᠷᠢᠭᠤᠯᠳᠠᠭ᠂ ᠥᠨᠥᠴᠢᠨ ᠥᠰᠦᠭᠰᠡᠨ ᠨᠠᠢ᠍ᠮᠠᠨ ᠬᠥᠪᠡᠭᠦᠨ ᠨᠠᠢᠳᠠᠪᠤᠷᠢ ᠶ᠋ᠢ ᠲᠠᠨᠢ ᠪᠡᠶᠡᠯᠡᠭᠦᠯᠬᠦ ᠶᠤᠮ ᠪᠠᠢᠨ᠎ᠠ ᠲᠠ 》 ᠭᠡᠪᠡᠯ᠂ ᠬᠠᠭᠠᠨ ᠄ 《 ᠤᠤᠬᠠᠢ᠂ ᠵᠠ᠂ ᠲᠡᠭᠡᠶ᠎ᠡ ᠲᠠ》᠂ 《 ᠭᠡᠬᠦ ᠳ᠋ᠦ᠍ ᠪᠡᠨ ᠬᠠᠭᠠᠨᠲᠠᠨ ᠮᠢᠨᠢ ᠠ᠋᠂ ᠨᠠᠷᠠ ᠵᠢᠷᠭᠠᠬᠤ ᠠᠴᠠ ᠨᠠᠭᠠᠨ᠎ᠠ ᠠᠮᠵᠢᠭᠤᠯᠬᠤ ᠦᠭᠡᠢ ᠯᠡ ᠪᠣᠯ ᠡᠩᠬᠦᠷᠡᠢ ᠬᠠᠲᠤᠨ ᠴᠢᠨᠢ ᠡᠷᠭᠢᠵᠦ ᠢᠷᠡᠬᠦ ᠦᠭᠡᠢ ᠶ᠋ᠢᠨ ᠤᠴᠢᠷ ᠲᠠᠪᠢᠯᠠᠩ ᠤᠭᠲᠤᠵᠠᠢ 》 ᠭᠡᠯᠡ᠃ᠬᠠᠭᠠᠨᠲᠠᠨ ᠲᠡᠷᠡ ᠳᠣᠣᠷ᠎ᠠ ᠪᠠᠨ ᠨᠠᠢ᠍ᠮᠠᠨ ᠬᠥᠪᠡᠭᠦᠨ ᠢ᠋ ᠠᠪᠴᠢᠷᠠᠭᠤᠯᠤᠭᠠᠳ ᠄ 《 ᠶᠠ᠂ ᠮᠡᠷᠭᠡᠨ ᠰᠢᠷ᠎ᠠ ᠵᠢᠷᠤᠬᠠᠢᠴᠢ ᠶ᠋ᠢᠨ ᠲᠥᠯᠭᠡ ᠳ᠋ᠦ᠍ ᠮᠢᠨᠦ ᠬᠠᠲᠤᠨ ᠢ᠋ ᠲᠠ ᠨᠠᠷ ᠣᠯᠵᠤ ᠢᠷᠡᠬᠦ ᠵᠠᠶᠠᠭ᠎ᠠ ᠲᠥᠷᠬᠦ ᠲᠡᠢ ᠶᠤᠮ ᠪᠠᠢᠨ᠎ᠠ᠂ ᠤᠴᠢᠷ ᠡᠢᠮᠦ ᠡᠴᠡ ᠤᠬᠠᠭᠠᠨ ᠢ᠋ᠶ᠋ᠠᠨ ᠤᠷᠤᠯᠳᠤᠭᠤᠯᠬᠤ ᠴᠠᠭ ᠢᠷᠡᠭᠰᠡᠨ ᠪᠠᠢᠨ᠎ᠠ᠃ ᠬᠠᠲᠤᠨ ᠡᠰᠡᠨ ᠮᠡᠨᠳᠦ ᠪᠡᠷ ᠨᠢ ᠣᠯᠵᠤ ᠢᠷᠡᠪᠡᠯ᠂ ᠬᠣᠷᠸ᠎ᠠ ᠶᠢᠷᠲᠢᠨᠴᠦ ᠳᠡᠭᠡᠷ᠎ᠡ ᠵᠥᠪᠬᠡᠨ ᠮᠢᠨᠦ ᠣᠷᠳᠣᠨ ᠳ᠋ᠤ᠌ ᠪᠠᠢᠳᠠᠭ ᠠᠯᠲᠠᠨ ᠰᠤᠮᠤ ᠶ᠋ᠢ ᠥᠭᠭᠦᠨ᠎ᠡ᠂ ᠲᠡᠭᠦᠨ ᠢ᠋ᠶ᠋ᠡᠷ ᠪᠠᠷᠠᠬᠤ ᠦᠭᠡᠢ ᠴᠥᠮ ᠢ᠋ ᠴᠢᠨᠢ ᠲᠦᠰᠢᠮᠡᠯ ᠨᠣᠶᠠᠳ ᠪᠣᠯᠭᠠᠨ᠎ᠠ᠂ ᠬᠠᠷᠢᠨ ᠲᠠ ᠨᠠᠷ ᠬᠡᠨ ᠶᠠᠭᠤ ᠴᠢᠳᠠᠳᠠᠭ ᠢ᠋ᠶ᠋ᠠᠨ ᠬᠠᠭᠠᠨ ᠡᠵᠡᠨ ᠳ᠋ᠦ᠍ ᠪᠡᠨ ᠠᠢᠯᠠᠳᠬ᠎ᠠ !》 ᠭᠡᠯᠡ᠃ᠤᠴᠢᠷ ᠶᠠᠪᠤᠳᠠᠯ ᠢ᠋ ᠰᠣᠨᠣᠰᠤᠭᠰᠠᠨ ᠬᠥᠪᠡᠭᠦᠳ ᠡᠭᠡᠯᠵᠢ ᠳᠠᠷᠠᠭᠠᠯᠠᠨ ᠢᠩᠭᠢᠵᠦ ᠥᠴᠢᠵᠡᠢ᠃
ᠨᠢᠭᠡᠳᠡᠬᠢ ᠬᠥᠪᠡᠭᠦᠨ ᠄ 《 ᠵᠠ᠂ ᠪᠢ ᠣᠨᠢᠯᠠᠭᠰᠠᠨ ᠢ᠋ᠶ᠋ᠠᠨ ᠠᠯᠳᠠᠯ ᠦᠭᠡᠢ ᠮᠡᠷᠭᠡᠨ ᠬᠠᠷᠪᠤᠵᠤ ᠴᠢᠳᠠᠨ᠎ᠠ ! 》 ᠭᠡᠪᠡᠯ᠂ ᠬᠣᠶᠠᠳᠠᠬᠢ ᠬᠥᠪᠡᠭᠦᠨ ᠄ 《 ᠪᠢ ᠣᠷᠴᠢᠯᠠᠩ ᠤ᠋ᠨ ᠨᠠᠷᠠ ᠰᠠᠷ᠎ᠠ ᠶ᠋ᠢ ᠰᠠᠭᠠᠲᠠᠭᠤᠯᠵᠤ ᠴᠢᠳᠠᠨ᠎ᠠ 》 ᠭᠡᠲᠡᠯ᠎ᠡ᠂ ᠭᠤᠷᠪᠠᠳᠠᠬᠢ ᠬᠥᠪᠡᠭᠦᠨ ᠄ 《ᠪᠢ ᠳᠠᠯᠳᠠ ᠶ᠋ᠢᠨ ᠶᠠᠭᠤᠮ᠎ᠠ ᠶ᠋ᠢ ᠬᠠᠷᠠᠬᠤ ᠳᠠᠷᠬᠠᠨ ᠤᠪᠠᠳᠢᠰ ᠲᠠᠢ ᠪᠢᠯᠡ 》 ᠭᠡᠯᠡ᠃ ᠳᠥᠷᠪᠡᠳᠡᠬᠢ ᠬᠥᠪᠡᠭᠦᠨ ᠄《 ᠪᠢ ᠠᠯᠢᠪᠠ ᠶᠠᠭᠤᠮ᠎ᠠ ᠶ᠋ᠢ ᠦᠨᠦᠷ ᠢ᠋ᠶ᠋ᠡᠷ ᠨᠢ ᠰᠢᠩᠰᠢᠯᠡᠵᠦ᠂ ᠠᠯᠢ ᠴᠤ᠌ ᠭᠠᠵᠠᠷ ᠠ᠋ᠴᠠ ᠣᠯᠳᠠᠭ ᠪᠢᠯᠡ 》 ᠭᠡᠬᠦ ᠳ᠋ᠦ᠍ ᠨᠢ᠂ ᠲᠠᠪᠤᠳᠠᠬᠢ ᠬᠥᠪᠡᠭᠦᠨ ᠄ 《 ᠪᠢ ᠰᠢᠭᠤᠷᠭ᠎ᠠ ᠰᠠᠯᠬᠢ ᠬᠣᠶᠠᠷ ᠢ᠋ ᠰᠢᠭᠤᠳ ᠰᠣᠷᠣᠵᠤ ᠴᠢᠳᠠᠨ᠎ᠠ 》 ᠭᠡᠲᠡᠯ᠎ᠡ᠂ ᠵᠢᠷᠭᠤᠭᠠᠳᠠᠬᠢ ᠬᠥᠪᠡᠭᠦᠨ ᠄ 《 ᠲᠠᠩᠭᠢᠰ ᠳᠠᠯᠠᠢ ᠶ᠋ᠢᠨ ᠤᠰᠤ ᠶ᠋ᠢ ᠲᠡᠷᠡ ᠴᠢᠭ ᠢ᠋ᠶ᠋ᠡᠷ ᠨᠢ ᠰᠣᠷᠣᠵᠤ ᠴᠢᠳᠠᠨ᠎ᠠ ᠠ᠋ ! 》᠃ ᠳᠣᠯᠣᠳᠠᠬᠢ ᠬᠥᠪᠡᠭᠦᠨ ᠄ 《 ᠬᠤᠷᠮᠤᠰᠲᠠ ᠲᠩᠷᠢ ᠶ᠋ᠢᠨ ᠳᠣᠣᠷ᠎ᠠ ᠬᠤᠷᠳᠤᠨ ᠭᠦᠶᠦᠵᠦ ᠴᠢᠳᠠᠨ᠎ᠠ ᠲᠠ ᠪᠢ 》 ᠭᠡᠬᠦ ᠳ᠋ᠦ᠍ ᠨᠢ ᠨᠠᠢᠮᠠᠳᠠᠬᠢ ᠬᠥᠪᠡᠭᠦᠨ ᠄ 《 ᠪᠢ ᠶᠠᠮᠠᠷ ᠴᠤ᠌ ᠶᠠᠭᠤᠮ᠎ᠠ ᠶ᠋ᠢ ᠶᠠᠪᠤᠳᠠᠯ ᠳᠤᠮᠳᠠ ᠪᠠᠨ ᠰᠢᠭᠦᠷᠡᠴᠢᠬᠡᠳᠡᠭ ᠶᠤᠮ 》 ᠭᠡᠬᠦ ᠳ᠋ᠦ᠍᠂ ᠬᠠᠭᠠᠨ ᠄ 《 ᠵᠠ᠂ ᠮᠡᠳᠡᠯ᠎ᠡ᠂ ᠮᠡᠳᠡᠯ᠎ᠡ᠃ ᠭᠡᠬᠦ ᠳ᠋ᠦ᠍ ᠨᠢᠭᠡᠨ ᠵᠦᠢᠯ ᠢ᠋ ᠨᠡᠬᠡᠨ ᠰᠠᠨᠠᠪᠠᠰᠤ᠂ ᠠᠯᠲᠠᠨ ᠨᠠᠷᠠ ᠶ᠋ᠢ ᠰᠢᠩᠭᠡᠬᠦ ᠶ᠋ᠢᠨ ᠡᠮᠦᠨ᠎ᠡ ᠠᠮᠵᠢᠭᠤᠯᠬᠤ ᠦᠭᠡᠢ ᠪᠣᠯ ᠪᠦᠬᠦ ᠶᠠᠭᠤᠮ᠎ᠠ ᠲᠠᠯᠠᠭᠠᠷ ᠪᠣᠯᠵᠤ᠂ ᠬᠠᠲᠤᠨ ᠢ᠋ᠶ᠋ᠠᠨ ᠪᠢ ᠡᠭᠦᠷᠢᠳᠡ ᠠᠯᠳᠠᠬᠤ ᠪᠣᠯᠤᠨ᠎ᠠ ᠰᠢᠦ᠂ ᠵᠠ ᠵᠠ ᠵᠠ᠂ ᠬᠡᠦᠬᠡᠳ ᠦ᠋ᠳ ᠮᠢᠨᠢ᠂ ᠵᠠᠮ ᠳ᠋ᠤ᠌ ᠪᠠᠨ ᠰᠠᠢᠨ ᠶᠠᠪᠤᠭᠠᠷᠠᠢ 》 ᠭᠡᠳ ᠦᠳᠡᠵᠦ ᠥᠭᠴᠡᠢ᠃
ᠨᠠᠢᠳᠠᠪᠤᠷᠢ ᠬᠦᠯᠢᠶᠡᠭᠰᠡᠨ ᠨᠠᠢ᠍ᠮᠠᠨ ᠬᠥᠪᠡᠭᠦᠨ ᠬᠠᠲᠤᠨ ᠤ᠋ ᠵᠤᠭᠠᠯᠠᠵᠤ ᠶᠠᠪᠤᠭᠰᠠᠨ ᠴᠡᠴᠡᠷᠯᠢᠭ ᠲᠦ᠍ ᠢᠷᠡᠩᠭᠦᠲᠡ ᠪᠡᠨ ᠠᠵᠢᠯ ᠳ᠋ᠤ᠌ ᠪᠠᠨ ᠣᠷᠣᠵᠠᠢ᠃
ᠦᠨᠦᠷᠯᠡᠭᠴᠢ ᠬᠥᠪᠡᠭᠦᠨ ᠰᠢᠩᠰᠢᠯᠡᠵᠦ ᠪᠠᠢᠵᠤ ᠪᠠᠢᠭᠠᠳ ᠳᠡᠰ ᠰᠢᠪᠠᠭᠤ ᠬᠠᠲᠤᠨ ᠢ᠋ ᠠᠪᠤᠭᠠᠳ ᠶᠠᠪᠤᠭᠰᠠᠨ ᠢ᠋ ᠲᠣᠭᠲᠠᠭᠠᠯ᠎ᠠ ᠭᠡᠨ᠎ᠡ᠃
ᠬᠣᠯᠠ ᠶ᠋ᠢ ᠬᠠᠷᠠᠭᠠᠴᠢ ᠬᠥᠪᠡᠭᠦᠨ ᠲᠡᠳᠡᠨ ᠦ᠌ ᠬᠠᠮᠢᠭ᠎ᠠ ᠶᠠᠪᠤᠭ᠎ᠠ ᠶ᠋ᠢ ᠨᠢ ᠬᠡᠯᠡᠵᠦ ᠥᠭᠭᠦᠯ᠎ᠡ ᠭᠡᠨ᠎ᠡ᠃
ᠲᠡᠭᠡᠭᠰᠡᠨ ᠨᠢ ᠮᠡᠷᠭᠡᠨ ᠬᠠᠷᠪᠤᠭᠠᠴᠢ ᠬᠦᠦ ᠵᠢᠭᠠᠭᠰᠠᠨ ᠵᠦᠭ ᠤᠷᠤᠭᠤ ᠨᠢ ᠰᠤᠮᠤ ᠪᠠᠨ ᠣᠨᠢᠯᠠᠨ ᠲᠠᠯᠪᠢᠵᠠᠢ᠃
ᠳᠡᠰ ᠰᠢᠪᠠᠭᠤᠨ ᠤ᠋ ᠰᠠᠷᠪᠠᠭᠤ ᠭᠡᠮᠲᠦᠵᠦ᠂ ᠬᠠᠲᠤᠨ ᠰᠤᠯᠠ ᠴᠢᠯᠥᠭᠡ ᠲᠡᠢ ᠪᠣᠯᠵᠤ᠂ ᠳᠣᠷᠣᠭᠰᠢ ᠰᠢᠳᠡᠭᠳᠡᠯᠡ᠃
ᠲᠡᠭᠡᠬᠦ ᠪᠡᠷ ᠨᠢ ᠰᠣᠷᠣᠳᠠᠭ ᠬᠦᠦ ᠰᠢᠳᠢ ᠶ᠋ᠢ ᠦᠵᠡᠭᠦᠯᠦᠨ ᠬᠠᠷᠪᠤᠭᠰᠠᠨ ᠰᠤᠮᠤ ᠰᠢᠭ᠋ ᠳᠣᠷᠣᠭᠰᠢᠯᠠᠵᠤ ᠪᠠᠢᠭ᠎ᠠ ᠬᠠᠲᠤᠨ ᠢ᠋ ᠨᠠᠭᠠᠰᠢ ᠨᠢ ᠳᠥᠭᠥᠭᠦᠯᠬᠦ ᠳ᠋ᠦ᠍᠂ ᠤᠳᠬᠤᠨ ᠬᠦᠦ ᠠᠭᠠᠷ ᠲᠤ᠌ ᠳᠡᠭᠦᠯᠢᠨ ᠬᠠᠲᠤᠨ ᠢ᠋ ᠰᠢᠭᠦᠷᠡᠵᠦ ᠠᠪᠬᠤ ᠵᠠᠭᠤᠷ᠎ᠠ ᠳ᠋ᠤ᠌ ᠪᠠᠨ ᠢᠷᠣᠭᠠᠷ ᠦᠭᠡᠢ ᠶᠡᠬᠡ ᠳᠠᠯᠠᠢ ᠳ᠋ᠤ᠌ ᠤᠨᠠᠴᠢᠬᠠᠵᠠᠢ᠃
ᠡᠨᠡ ᠬᠣᠭᠣᠷᠣᠨᠳᠣ ᠠᠯᠢᠪᠠ ᠶᠠᠭᠤᠮ᠎ᠠ ᠶ᠋ᠢ ᠲᠣᠭᠲᠠᠭᠠᠭᠴᠢ ᠬᠦᠦ ᠵᠢᠷᠭᠠᠵᠤ ᠪᠠᠢᠭ᠎ᠠ ᠨᠠᠷᠠ ᠶ᠋ᠢ ᠲᠣᠭᠲᠠᠭᠠᠨ ᠪᠠᠷᠢᠯ᠎ᠠ᠃
ᠲᠡᠭᠡᠩᠭᠦᠲᠡ ᠪᠠᠯᠭᠤᠳᠠᠭ ᠬᠦᠦ ᠬᠠᠲᠤᠨ ᠣᠳᠬᠣᠨ ᠬᠦᠦ ᠬᠣᠶᠠᠷ ᠤ᠋ᠨ ᠤᠨᠠᠭᠰᠠᠨ ᠳᠠᠯᠠᠢ ᠶ᠋ᠢᠨ ᠢᠷᠣᠭᠠᠷ ᠨᠢ ᠭᠠᠷᠲᠠᠯ᠎ᠠ ᠰᠣᠷᠣᠵᠤ᠂ ᠠᠶᠤᠯ ᠳ᠋ᠤ᠌ ᠥᠷᠲᠥᠭᠰᠡᠨ ᠬᠣᠶᠠᠷ ᠢ᠋ ᠢᠯᠡ ᠭᠠᠷᠭᠠᠵᠠᠢ᠃
ᠡᠭᠦᠨ ᠢ᠋ ᠬᠠᠷᠠᠭᠰᠠᠨ ᠳᠡᠰ ᠰᠢᠪᠠᠭᠤ ᠬᠠᠲᠤᠨ ᠢ᠋ ᠳᠠᠬᠢᠨ ᠰᠢᠭᠦᠷᠡᠬᠦ ᠪᠡᠷ ᠭᠦᠢᠪᠦᠷ ᠦ᠋ᠨ ᠴᠢᠯᠠᠭᠤ ᠰᠢᠭ᠋ ᠳᠡᠭᠦᠯᠢᠨ ᠣᠷᠣᠵᠤ ᠢᠷᠡᠯ᠎ᠡ ᠭᠡᠨ᠎ᠡ᠃ ᠲᠡᠭᠡᠩᠭᠦᠲᠡ ᠬᠤᠷᠳᠤᠨ ᠭᠦᠶᠦᠭᠴᠢ ᠬᠦᠦ ᠬᠠᠷᠪᠤᠭᠰᠠᠨ ᠰᠤᠮᠤ ᠮᠡᠲᠦ ᠭᠦᠶᠦᠵᠦ ᠬᠠᠲᠤᠨ ᠢ᠋ ᠰᠢᠪᠠᠭᠤᠨ ᠤ᠋ ᠰᠠᠪᠠᠷ ᠠ᠋ᠴᠠ ᠥᠷᠢᠰᠦᠨ ᠠᠪᠬᠤ ᠳ᠋ᠤ᠌ ᠤᠳᠬᠤᠨ ᠬᠥᠪᠡᠭᠦᠨ ᠪᠣᠰᠤᠨ ᠰᠢᠪᠠᠭᠤᠨ ᠤ᠋ ᠲᠣᠯᠣᠭᠠᠢ ᠶ᠋ᠢ ᠲᠠᠰᠤ ᠴᠠᠪᠴᠢᠵᠤ ᠬᠠᠶᠠᠯ᠎ᠠ᠃
ᠳᠣᠯᠣᠳᠤᠭᠠᠷ ᠬᠥᠪᠡᠭᠦᠨ ᠴᠦ᠍ ᠨᠠᠷᠠ ᠶ᠋ᠢ ᠲᠠᠯᠪᠢᠨ ᠵᠢᠷᠭᠠᠭᠤᠯᠤᠯᠠ᠃ ᠢᠩᠭᠢᠭᠡᠳ ᠬᠥᠪᠡᠭᠦᠳ ᠬᠠᠲᠤᠨ ᠢ᠋ ᠡᠰᠡᠨ ᠮᠡᠨᠳᠦ ᠠᠪᠴᠢᠷᠠᠭᠰᠠᠨ ᠳ᠋ᠤ᠌ ᠬᠠᠭᠠᠨ ᠴᠠᠯᠭᠢᠲᠠᠯ᠎ᠠ ᠪᠠᠨ ᠪᠠᠶᠠᠷᠯᠠᠵᠤ᠂ ᠠᠮᠠᠯᠠᠭᠰᠠᠨ ᠪᠣᠯᠵᠣᠯ ᠢ᠋ᠶ᠋ᠠᠨ ᠪᠡᠶᠡᠯᠡᠭᠦᠯᠬᠦ ᠭᠡᠲᠡᠯ᠎ᠡ ᠬᠥᠪᠡᠭᠦᠳ ᠄ 《 ᠬᠠᠭᠠᠨᠲᠠᠨ ᠮᠢᠨᠢ ᠠ᠋ ! ᠪᠢᠳᠡ ᠨᠣᠶᠠᠳ ᠲᠦᠰᠢᠮᠡᠯ ᠪᠣᠯᠬᠤ ᠬᠦᠰᠡᠯ ᠦᠭᠡᠢ ᠪᠢᠯᠡ᠂ ᠬᠠᠷᠢᠨ ᠲᠠᠨ ᠤ᠋ ᠲᠡᠷᠡ ᠠᠯᠲᠠᠨ ᠰᠤᠮᠤᠨ ᠠ᠋ᠴᠠ ᠥᠭᠡᠷ᠎ᠡ ᠶᠠᠭᠤ ᠴᠤ᠌ ᠪᠢᠳᠡᠨ ᠳ᠋ᠦ᠍ ᠬᠡᠷᠡᠭ ᠦᠭᠡᠢ 》 ᠭᠡᠵᠡᠢ᠃
ᠬᠠᠭᠠᠨ ᠄ 《 ᠵᠠ᠂ ᠪᠠᠢᠵᠠ ᠪᠠᠢᠵᠠ᠂ ᠲᠡᠭᠡᠭᠡᠳ ᠪᠢ ᠴᠦ᠍ ᠣᠳᠣ ᠭᠠᠭᠴᠠᠬᠠᠨ ᠰᠢᠷᠬᠡᠭ ᠰᠤᠮᠤ ᠪᠠᠨ ᠲᠠ ᠨᠠᠷ ᠤ᠋ᠨ ᠴᠤ᠌ ᠣᠳᠣ ᠬᠡᠨ ᠳ᠋ᠦ᠍ ᠨᠢ ᠥᠭᠳᠡᠭ ᠶᠤᠮ ᠪᠢᠯᠡ ᠲᠠ ᠠ !》 ᠭᠡᠬᠦ ᠳ᠋ᠦ᠍᠂ 《 ᠦᠭᠡᠢ᠂ ᠦᠭᠡᠢ᠂ ᠲᠠ ᠥᠪᠡᠷ ᠢ᠋ᠶ᠋ᠡᠨ ᠪᠤᠯᠭᠤᠨ ᠰᠢᠢᠳᠲᠦᠭᠡᠢ 》 ᠭᠡᠵᠡᠭᠡᠵᠢ᠃
ᠡᠭᠦᠨ ᠢ᠋ ᠰᠣᠨᠣᠰᠤᠭᠰᠠᠨ ᠬᠠᠭᠠᠨ ᠬᠡᠰᠡᠭ ᠵᠠᠭᠤᠷ᠎ᠠ ᠪᠣᠳᠣᠯᠬᠢᠯᠠᠭᠰᠠᠨ ᠢ᠋ᠶ᠋ᠠᠨ ᠄ 《 ᠦ᠂ᠬᠦ᠂ ᠵᠠ ᠶᠠᠭᠠᠬᠢᠬᠤᠪ ᠢᠩᠭᠢᠶ᠎ᠡ ᠬᠦᠢ᠂ ᠪᠢ ᠡᠨᠡ ᠰᠤᠮᠤ ᠪᠠᠨ ᠲᠩᠷᠢ ᠤᠷᠤᠭᠤ ᠬᠠᠷᠪᠤᠨ᠎ᠠ᠂ ᠤᠷᠤᠯᠳᠤᠵᠤ ᠣᠴᠢᠭᠠᠳ ᠠᠯᠢ ᠲᠦᠷᠦᠭᠦᠯᠡᠵᠦ ᠬᠦᠷᠦᠭᠰᠡᠨ ᠨᠢ ᠯᠡ ᠠᠪ ᠳᠠ 》 ᠭᠡᠳ ᠰᠤᠮᠤ ᠪᠠᠨ ᠲᠩᠷᠢ ᠥᠭᠡᠳᠡ ᠣᠨᠢᠯᠠᠨ ᠬᠠᠷᠪᠤᠵᠠᠢ᠃
ᠲᠡᠭᠡᠩᠭᠦᠲᠡ ᠰᠤᠮᠤᠨ ᠤ᠋ ᠬᠣᠢᠨ᠎ᠠ ᠠ᠋ᠴᠠ ᠨᠠᠢ᠍ᠮᠠᠨ ᠬᠥᠪᠡᠭᠦᠨ ᠵᠡᠷᠭᠡᠴᠡᠨ ᠬᠥᠭᠡᠭᠡᠯ᠎ᠡ᠃ ᠭᠡᠲᠡᠯ᠎ᠡ ᠣᠳᠬᠣᠨ ᠳᠡᠭᠦᠦ ᠨᠢ ᠠᠬ᠎ᠠ ᠨᠠᠷ ᠠ᠋ᠴᠠ ᠪᠠᠨ ᠲᠠᠰᠤᠷᠠᠨ ᠬᠤᠷᠳᠤᠯᠠᠵᠤ᠂ ᠲᠩᠷᠢ ᠳ᠋ᠦ᠍ ᠭᠠᠷᠤᠨ ᠠᠯᠲᠠᠨ ᠰᠤᠮᠤ ᠶ᠋ᠢ ᠭᠦᠢᠴᠡᠵᠦ ᠠᠪᠤᠭᠠᠳ ᠲᠡᠨᠳᠡ ᠪᠡᠨ ᠠᠯᠲᠠᠨ ᠭᠠᠳᠠᠰᠤ ᠣᠳᠣ ᠪᠣᠯᠵᠠᠢ᠃ ᠳᠣᠯᠣᠭᠠᠨ ᠠᠬ᠎ᠠ ᠨᠢ ᠴᠦ᠍ ᠭᠡᠰᠡᠨ ᠬᠣᠢᠨ᠎ᠠ ᠠ᠋ᠴᠠ ᠨᠢ ᠶᠠᠪᠤᠵᠤ ᠣᠭᠲᠠᠷᠭᠤᠢ ᠶ᠋ᠢᠨ ᠳᠣᠯᠣᠭᠠᠨ ᠪᠤᠷᠬᠠᠨ ᠣᠳᠣ ᠪᠣᠯᠤᠭᠰᠠᠨ ᠭᠡᠨ᠎ᠡ᠃ ᠣᠭᠲᠠᠷᠭᠤᠢ ᠶ᠋ᠢᠨ ᠬᠢᠵᠠᠭᠠᠷ ᠦᠭᠡᠢ ᠠᠭᠤᠳᠠᠮ ᠤ᠋ᠨ ᠳᠤᠮᠳᠠ ᠣᠳᠣ ᠮᠡᠴᠢᠳ ᠭᠢᠯᠠᠯᠵᠠᠨ᠂ᠰᠥᠨᠢ ᠪᠣᠯᠵᠠᠢ᠃
ᠲᠦᠮᠡ ᠪᠤᠮᠠᠨ ᠣᠳᠣ ᠡᠷᠬᠡᠰ ᠦ᠋ᠨ ᠵᠠᠢ ᠴᠢᠯᠥᠭᠡᠨ ᠳ᠋ᠦ᠍ ᠠᠯᠲᠠᠨ ᠭᠠᠳᠠᠰᠤ ᠲᠣᠳᠣ ᠠ᠋ᠴᠠ ᠲᠣᠳᠣ ᠢᠯᠭᠠᠷᠠᠵᠤ᠂ ᠠᠷᠠᠢ ᠵᠡᠭᠦᠨᠲᠡᠢ ᠨᠢ ᠳᠣᠯᠣᠭᠠᠨ ᠪᠤᠷᠬᠠᠨ ᠭᠡᠷᠡᠯᠲᠦᠨ᠎ᠡ᠃
ᠴᠡᠩᠬᠡᠷ ᠳᠡᠯᠭᠡᠴᠡ ᠪᠡᠨ ᠦᠵᠡᠵᠦ ᠰᠠᠭᠤᠭ᠎ᠠ ᠴᠡᠴᠡᠭ ᠰᠢᠭ ᠬᠥᠭᠡᠷᠦᠬᠦᠨ ᠳᠡᠭᠦᠦ ᠨᠠᠷ ᠲᠤ᠌ ᠪᠠᠨ ᠬᠦᠷᠭᠡᠭᠰᠡᠨ ᠡᠷᠲᠡᠨ ᠦ᠌ ᠨᠢᠭᠡᠨ ᠳᠣᠮᠣᠭ ᠲᠤ᠌ ᠢᠩᠭᠢᠵᠦ ᠥᠭᠦᠯᠡᠭᠰᠡᠨ ᠪᠠᠢᠵᠠᠢ᠃
ᠵᠢᠷᠤᠬᠠᠢᠴᠢ ᠲᠡᠷᠡ ᠳᠣᠣᠷ᠎ᠠ ᠨᠢ ᠮᠡᠷᠭᠡᠯᠡᠨ ᠪᠠᠢᠵᠤ᠂ 《 ᠶᠠ ! ᠲᠠᠭᠠᠯᠠᠯ ᠶᠣᠰᠣ ᠪᠠᠷ ᠲᠠᠨ ᠤ᠋ ᠁ ᠬᠠᠢ᠂ ᠲᠠᠨ ᠤ᠋ ᠬᠠᠲᠤᠨ ᠢ᠋ ᠣᠯᠵᠤ ᠢᠷᠡᠬᠦ ᠬᠥᠮᠦᠰ ᠣᠢᠷᠠᠬᠠᠨ ᠪᠠᠢᠨ᠎ᠠ᠂ ᠬᠠᠭᠠᠨᠲᠠᠨ ᠮᠢᠨᠢ 》 ᠭᠡᠪᠡᠯ᠂ ᠬᠠᠭᠠᠨ ᠄ 《 ᠵᠠ ! ᠲᠡᠭᠡᠭᠡᠳ ? 》᠂ 《 ᠬᠠᠢ᠂ ᠠᠯᠪᠠᠲᠤ ᠨᠠᠷ ᠤ᠋ᠨ ᠴᠢᠨᠢ ᠳᠣᠲᠣᠷ᠎ᠠ ᠠᠳᠤᠭᠤ ᠮᠠᠯ ᠢ᠋ ᠴᠢᠨᠢ ᠬᠠᠷᠢᠭᠤᠯᠳᠠᠭ᠂ ᠥᠨᠥᠴᠢᠨ ᠥᠰᠦᠭᠰᠡᠨ ᠨᠠᠢ᠍ᠮᠠᠨ ᠬᠥᠪᠡᠭᠦᠨ ᠨᠠᠢᠳᠠᠪᠤᠷᠢ ᠶ᠋ᠢ ᠲᠠᠨᠢ ᠪᠡᠶᠡᠯᠡᠭᠦᠯᠬᠦ ᠶᠤᠮ ᠪᠠᠢᠨ᠎ᠠ ᠳᠠ》 ᠭᠡᠪᠡᠯ᠂ ᠬᠠᠭᠠᠨ ᠄ 《 ᠤᠤᠬᠠᠢ᠂ ᠵᠠ᠂ ᠲᠡᠭᠡᠶ᠎ᠡ ᠳᠡ》᠂ 《 ᠭᠡᠬᠦ ᠳ᠋ᠦ᠍ ᠪᠡᠨ ᠬᠠᠭᠠᠨᠲᠠᠨ ᠮᠢᠨᠢ ᠠ᠋᠂ ᠨᠠᠷᠠ ᠵᠢᠷᠭᠠᠬᠤ ᠠᠴᠠ ᠨᠠᠭᠠᠨ᠎ᠠ ᠠᠮᠵᠢᠭᠤᠯᠬᠤ ᠦᠭᠡᠢ ᠯᠡ ᠪᠣᠯ ᠡᠩᠬᠦᠷᠡᠢ ᠬᠠᠲᠤᠨ ᠴᠢᠨᠢ ᠡᠷᠭᠢᠵᠦ ᠢᠷᠡᠬᠦ ᠦᠭᠡᠢ ᠶ᠋ᠢᠨ ᠤᠴᠢᠷ ᠲᠠᠪᠢᠯᠠᠩ ᠤᠭᠲᠤᠵᠠᠢ 》 ᠭᠡᠯᠡ᠃
ᠬᠠᠭᠠᠨᠲᠠᠨ ᠲᠡᠷᠡ ᠳᠣᠣᠷ᠎ᠠ ᠪᠠᠨ ᠨᠠᠢ᠍ᠮᠠᠨ ᠬᠥᠪᠡᠭᠦᠨ ᠢ᠋ ᠠᠪᠴᠢᠷᠠᠭᠤᠯᠤᠭᠠᠳ ᠄ 《 ᠶᠠ᠂ ᠮᠡᠷᠭᠡᠨ ᠰᠢᠷ᠎ᠠ ᠵᠢᠷᠤᠬᠠᠢᠴᠢ ᠶ᠋ᠢᠨ ᠲᠥᠯᠭᠡ ᠳ᠋ᠦ᠍ ᠮᠢᠨᠦ ᠬᠠᠲᠤᠨ ᠢ᠋ ᠲᠠ ᠨᠠᠷ ᠣᠯᠵᠤ ᠢᠷᠡᠬᠦ ᠵᠠᠶᠠᠭ᠎ᠠ ᠲᠥᠭᠡᠷᠭᠡ ᠲᠡᠢ ᠶᠤᠮ ᠪᠠᠢᠨ᠎ᠠ᠂ ᠤᠴᠢᠷ ᠡᠢᠮᠦ ᠡᠴᠡ ᠤᠬᠠᠭᠠᠨ ᠢ᠋ᠶ᠋ᠠᠨ ᠤᠷᠤᠯᠳᠤᠭᠤᠯᠬᠤ ᠴᠠᠭ ᠢᠷᠡᠭᠰᠡᠨ ᠪᠠᠢᠨ᠎ᠠ᠃ ᠬᠠᠲᠤᠨ ᠢ᠋ ᠡᠰᠡᠨ ᠮᠡᠨᠳᠦ ᠪᠡᠷ ᠨᠢ ᠣᠯᠵᠤ ᠢᠷᠡᠪᠡᠯ᠂ ᠬᠣᠷᠸ᠎ᠠ ᠶᠢᠷᠲᠢᠨᠴᠦ ᠳᠡᠭᠡᠷ᠎ᠡ ᠵᠥᠪᠬᠡᠨ ᠮᠢᠨᠦ ᠣᠷᠳᠣᠨ ᠳ᠋ᠤ᠌ ᠪᠠᠢᠳᠠᠭ ᠠᠯᠲᠠᠨ ᠰᠤᠮᠤ ᠶ᠋ᠢ ᠥᠭᠭᠦᠨ᠎ᠡ᠂ ᠲᠡᠭᠦᠨ ᠢ᠋ᠶ᠋ᠡᠷ ᠪᠠᠷᠠᠬᠤ ᠦᠭᠡᠢ ᠴᠥᠮ ᠢ᠋ ᠴᠢᠨᠢ ᠲᠦᠰᠢᠮᠡᠯ ᠨᠣᠶᠠᠳ ᠪᠣᠯᠭᠠᠨ᠎ᠠ᠂ ᠬᠠᠷᠢᠨ ᠲᠠ ᠨᠠᠷ ᠬᠡᠨ ᠶᠠᠭᠤ ᠴᠢᠳᠠᠳᠠᠭ ᠢ᠋ᠶ᠋ᠠᠨ ᠬᠠᠭᠠᠨ ᠡᠵᠡᠨ ᠳ᠋ᠦ᠍ ᠪᠡᠨ ᠠᠢᠯᠠᠳᠬ᠎ᠠ !》 ᠭᠡᠯᠡ᠃
ᠤᠴᠢᠷ ᠶᠠᠪᠤᠳᠠᠯ ᠢ᠋ ᠰᠣᠨᠣᠰᠤᠭᠰᠠᠨ ᠬᠥᠪᠡᠭᠦᠳ ᠡᠭᠡᠯᠵᠢ ᠳᠠᠷᠠᠭᠠᠯᠠᠨ ᠢᠩᠭᠢᠵᠦ ᠥᠴᠢᠵᠡᠢ᠃
ᠨᠢᠭᠡᠳᠡᠬᠢ ᠬᠥᠪᠡᠭᠦᠨ ᠄ 《 ᠵᠠ᠂ ᠪᠢ ᠣᠨᠢᠯᠠᠭᠰᠠᠨ ᠢ᠋ᠶ᠋ᠠᠨ ᠠᠯᠳᠠᠯ ᠦᠭᠡᠢ ᠮᠡᠷᠭᠡᠨ ᠬᠠᠷᠪᠤᠵᠤ ᠴᠢᠳᠠᠨ᠎ᠠ ! 》 ᠭᠡᠪᠡᠯ᠂ ᠬᠣᠶᠠᠳᠠᠬᠢ ᠬᠥᠪᠡᠭᠦᠨ ᠄ 《 ᠪᠢ ᠣᠷᠴᠢᠯᠠᠩ ᠤ᠋ᠨ ᠨᠠᠷᠠ ᠰᠠᠷ᠎ᠠ ᠶ᠋ᠢ ᠰᠠᠭᠠᠲᠠᠭᠤᠯᠵᠤ ᠴᠢᠳᠠᠨ᠎ᠠ 》 ᠭᠡᠲᠡᠯ᠎ᠡ᠂ ᠭᠤᠷᠪᠠᠳᠠᠬᠢ ᠬᠥᠪᠡᠭᠦᠨ ᠄ 《ᠪᠢ ᠳᠠᠯᠳᠠ ᠶ᠋ᠢᠨ ᠶᠠᠭᠤᠮ᠎ᠠ ᠶ᠋ᠢ ᠬᠠᠷᠠᠬᠤ ᠳᠠᠷᠬᠠᠨ ᠤᠪᠠᠳᠢᠰ ᠲᠠᠢ ᠪᠢᠯᠡ 》 ᠭᠡᠯᠡ᠃ ᠳᠥᠷᠪᠡᠳᠡᠬᠢ ᠬᠥᠪᠡᠭᠦᠨ ᠄《 ᠪᠢ ᠠᠯᠢᠪᠠ ᠶᠠᠭᠤᠮ᠎ᠠ ᠶ᠋ᠢ ᠦᠨᠦᠷ ᠢ᠋ᠶ᠋ᠡᠷ ᠨᠢ ᠰᠢᠩᠰᠢᠯᠡᠵᠦ᠂ ᠠᠯᠢ ᠴᠤ᠌ ᠭᠠᠵᠠᠷ ᠠ᠋ᠴᠠ ᠣᠯᠳᠠᠭ ᠪᠢᠯᠡ 》 ᠭᠡᠬᠦ ᠳ᠋ᠦ᠍ ᠨᠢ᠂ ᠲᠠᠪᠤᠳᠠᠬᠢ ᠬᠥᠪᠡᠭᠦᠨ ᠄ 《 ᠪᠢ ᠰᠢᠭᠤᠷᠭ᠎ᠠ ᠰᠠᠯᠬᠢ ᠬᠣᠶᠠᠷ ᠢ᠋ ᠰᠢᠭᠤᠳ ᠰᠣᠷᠣᠵᠤ ᠴᠢᠳᠠᠨ᠎ᠠ 》 ᠭᠡᠲᠡᠯ᠎ᠡ᠂ ᠵᠢᠷᠭᠤᠳᠠᠬᠢ ᠬᠥᠪᠡᠭᠦᠨ ᠄ 《 ᠲᠠᠩᠭᠢᠰ ᠳᠠᠯᠠᠢ ᠶ᠋ᠢᠨ ᠤᠰᠤ ᠶ᠋ᠢ ᠲᠡᠷᠡ ᠴᠢᠭ ᠢ᠋ᠶ᠋ᠡᠷ ᠨᠢ ᠰᠣᠷᠣᠵᠤ ᠴᠢᠳᠠᠨ᠎ᠠ ᠠ᠋ ! 》᠃ ᠳᠣᠯᠣᠳᠠᠬᠢ ᠬᠥᠪᠡᠭᠦᠨ ᠄ 《 ᠬᠤᠷᠮᠤᠰᠲᠠ ᠲᠩᠷᠢ ᠶ᠋ᠢᠨ ᠳᠣᠣᠷ᠎ᠠ ᠬᠤᠷᠳᠤᠨ ᠭᠦᠶᠦᠵᠦ ᠴᠢᠳᠠᠨ᠎ᠠ ᠳᠠ ᠪᠢ 》 ᠭᠡᠬᠦ ᠳ᠋ᠦ᠍ ᠨᠢ ᠨᠠᠢᠮᠠᠳᠠᠬᠢ ᠬᠥᠪᠡᠭᠦᠨ ᠄ 《 ᠪᠢ ᠶᠠᠮᠠᠷ ᠴᠤ᠌ ᠶᠠᠭᠤᠮ᠎ᠠ ᠶ᠋ᠢ ᠶᠠᠪᠤᠳᠠᠯ ᠳᠤᠮᠳᠠ ᠪᠠᠨ ᠰᠢᠭᠦᠷᠡᠴᠢᠬᠡᠳᠡᠭ ᠶᠤᠮ 》 ᠭᠡᠬᠦ ᠳ᠋ᠦ᠍᠂ ᠬᠠᠭᠠᠨ ᠄ 《 ᠵᠠ᠂ ᠮᠡᠳᠡᠯ᠎ᠡ᠂ ᠮᠡᠳᠡᠯ᠎ᠡ᠃
ᠭᠡᠬᠦ ᠳ᠋ᠦ᠍ ᠨᠢᠭᠡᠨ ᠵᠦᠢᠯ ᠢ᠋ ᠨᠡᠬᠡᠨ ᠰᠠᠨᠠᠪᠠᠰᠤ᠂ ᠠᠯᠲᠠᠨ ᠨᠠᠷᠠ ᠶ᠋ᠢ ᠰᠢᠩᠭᠡᠬᠦ ᠶ᠋ᠢᠨ ᠡᠮᠦᠨ᠎ᠡ ᠠᠮᠵᠢᠭᠤᠯᠬᠤ ᠦᠭᠡᠢ ᠪᠣᠯ ᠪᠦᠬᠦ ᠶᠠᠭᠤᠮ᠎ᠠ ᠲᠠᠯᠠᠭᠠᠷ ᠪᠣᠯᠵᠤ᠂ ᠬᠠᠲᠤᠨ ᠢ᠋ᠶ᠋ᠠᠨ ᠪᠢ ᠡᠭᠦᠷᠢᠳᠡ ᠠᠯᠳᠠᠬᠤ ᠪᠣᠯᠤᠨ᠎ᠠ ᠰᠢᠦ᠂ ᠵᠠ ᠵᠠ ᠵᠠ᠂ ᠬᠡᠦᠬᠡᠳ ᠦ᠋ᠳ ᠮᠢᠨᠢ᠂ ᠵᠠᠮ ᠳ᠋ᠤ᠌ ᠪᠠᠨ ᠰᠠᠢᠨ ᠶᠠᠪᠤᠭᠠᠷᠠᠢ 》 ᠭᠡᠳ ᠦᠳᠡᠵᠦ ᠥᠭᠴᠡᠢ᠃
ᠨᠠᠢᠳᠠᠪᠤᠷᠢ ᠬᠦᠯᠢᠶᠡᠭᠰᠡᠨ ᠨᠠᠢ᠍ᠮᠠᠨ ᠬᠥᠪᠡᠭᠦᠨ ᠬᠠᠲᠤᠨ ᠤ᠋ ᠵᠤᠭᠠᠯᠠᠵᠤ ᠶᠠᠪᠤᠭᠰᠠᠨ ᠴᠡᠴᠡᠷᠯᠢᠭ ᠲᠦ᠍ ᠢᠷᠡᠩᠭᠦᠲᠡ ᠪᠡᠨ ᠠᠵᠢᠯ ᠳ᠋ᠤ᠌ ᠪᠠᠨ ᠣᠷᠣᠵᠠᠢ᠃
ᠦᠨᠦᠷᠯᠡᠭᠴᠢ ᠬᠥᠪᠡᠭᠦᠨ ᠰᠢᠩᠰᠢᠯᠡᠵᠦ ᠪᠠᠢᠵᠤ ᠪᠠᠢᠭᠠᠳ ᠳᠡᠰ ᠰᠢᠪᠠᠭᠤ ᠬᠠᠲᠤᠨ ᠢ᠋ ᠠᠪᠤᠭᠠᠳ ᠶᠠᠪᠤᠭᠰᠠᠨ ᠢ᠋ ᠲᠣᠭᠲᠠᠭᠠᠯ᠎ᠠ ᠭᠡᠨ᠎ᠡ᠃
ᠬᠣᠯᠠ ᠶ᠋ᠢ ᠬᠠᠷᠠᠭᠠᠴᠢ ᠬᠥᠪᠡᠭᠦᠨ ᠲᠡᠳᠡᠨ ᠦ᠌ ᠬᠠᠮᠢᠭ᠎ᠠ ᠶᠠᠪᠤᠭ᠎ᠠ ᠶ᠋ᠢ ᠨᠢ ᠬᠡᠯᠡᠵᠦ ᠥᠭᠭᠦᠯ᠎ᠡ ᠭᠡᠨ᠎ᠡ᠃
ᠲᠡᠭᠡᠭᠰᠡᠨ ᠨᠢ ᠮᠡᠷᠭᠡᠨ ᠬᠠᠷᠪᠤᠭᠠᠴᠢ ᠬᠦᠦ ᠵᠢᠭᠠᠭᠰᠠᠨ ᠵᠦᠭ ᠤᠷᠤᠭᠤ ᠨᠢ ᠰᠤᠮᠤ ᠪᠠᠨ ᠣᠨᠢᠯᠠᠨ ᠲᠠᠯᠪᠢᠵᠠᠢ᠃
ᠳᠡᠰ ᠰᠢᠪᠠᠭᠤᠨ ᠤ᠋ ᠰᠠᠷᠪᠠᠭᠤ ᠭᠡᠮᠲᠦᠵᠦ᠂ ᠬᠠᠲᠤᠨ ᠰᠤᠯᠠ ᠴᠢᠯᠥᠭᠡ ᠲᠡᠢ ᠪᠣᠯᠵᠤ᠂ ᠳᠣᠷᠣᠭᠰᠢ ᠰᠢᠳᠡᠭᠳᠡᠯᠡ᠃
ᠲᠡᠭᠡᠬᠦ ᠪᠡᠷ ᠨᠢ ᠰᠣᠷᠣᠳᠠᠭ ᠬᠦᠦ ᠰᠢᠳᠢ ᠶ᠋ᠢ ᠦᠵᠡᠭᠦᠯᠦᠨ ᠬᠠᠷᠪᠤᠭᠰᠠᠨ ᠰᠤᠮᠤ ᠰᠢᠭ᠋ ᠳᠣᠷᠣᠭᠰᠢᠯᠠᠵᠤ ᠪᠠᠢᠭ᠎ᠠ ᠬᠠᠲᠤᠨ ᠢ᠋ ᠨᠠᠭᠠᠰᠢ ᠨᠢ ᠳᠥᠭᠥᠭᠦᠯᠬᠦ ᠳ᠋ᠦ᠍᠂ ᠤᠳᠬᠤᠨ ᠬᠦᠦ ᠠᠭᠠᠷ ᠲᠤ᠌ ᠳᠡᠭᠦᠯᠢᠨ ᠬᠠᠲᠤᠨ ᠢ᠋ ᠰᠢᠭᠦᠷᠡᠵᠦ ᠠᠪᠬᠤ ᠵᠠᠭᠤᠷ᠎ᠠ ᠳ᠋ᠤ᠌ ᠪᠠᠨ ᠢᠷᠣᠭᠠᠷ ᠦᠭᠡᠢ ᠶᠡᠬᠡ ᠳᠠᠯᠠᠢ ᠳ᠋ᠤ᠌ ᠤᠨᠠᠴᠢᠬᠠᠵᠠᠢ᠃ᠡᠨᠡ ᠬᠣᠭᠣᠷᠣᠨᠳᠣ ᠠᠯᠢᠪᠠ ᠶᠠᠭᠤᠮ᠎ᠠ ᠶ᠋ᠢ ᠲᠣᠭᠲᠠᠭᠠᠭᠴᠢ ᠬᠦᠦ ᠵᠢᠷᠭᠠᠵᠤ ᠪᠠᠢᠭ᠎ᠠ ᠨᠠᠷᠠ ᠶ᠋ᠢ ᠲᠣᠭᠲᠠᠭᠠᠨ ᠪᠠᠷᠢᠯ᠎ᠠ᠃
ᠲᠡᠭᠡᠩᠭᠦᠲᠡ ᠪᠠᠯᠭᠤᠳᠠᠭ ᠬᠦᠦ ᠬᠠᠲᠤᠨ ᠣᠳᠬᠣᠨ ᠬᠦᠦ ᠬᠣᠶᠠᠷ ᠤ᠋ᠨ ᠤᠨᠠᠭᠰᠠᠨ ᠳᠠᠯᠠᠢ ᠶ᠋ᠢᠨ ᠢᠷᠣᠭᠠᠷ ᠨᠢ ᠭᠠᠷᠲᠠᠯ᠎ᠠ ᠰᠣᠷᠣᠵᠤ᠂ ᠠᠶᠤᠯ ᠳ᠋ᠤ᠌ ᠥᠷᠲᠥᠭᠰᠡᠨ ᠬᠣᠶᠠᠷ ᠢ᠋ ᠢᠯᠡ ᠭᠠᠷᠭᠠᠵᠠᠢ᠃
ᠡᠭᠦᠨ ᠢ᠋ ᠬᠠᠷᠠᠭᠰᠠᠨ ᠳᠡᠰ ᠰᠢᠪᠠᠭᠤ ᠬᠠᠲᠤᠨ ᠢ᠋ ᠳᠠᠬᠢᠨ ᠰᠢᠭᠦᠷᠡᠬᠦ ᠪᠡᠷ ᠭᠦᠢᠪᠦᠷ ᠦ᠋ᠨ ᠴᠢᠯᠠᠭᠤ ᠰᠢᠭ᠋ ᠳᠡᠭᠦᠯᠢᠨ ᠣᠷᠣᠵᠤ ᠢᠷᠡᠯ᠎ᠡ ᠭᠡᠨ᠎ᠡ᠃ ᠲᠡᠭᠡᠩᠭᠦᠲᠡ ᠬᠤᠷᠳᠤᠨ ᠭᠦᠶᠦᠭᠴᠢ ᠬᠦᠦ ᠬᠠᠷᠪᠤᠭᠰᠠᠨ ᠰᠤᠮᠤ ᠮᠡᠲᠦ ᠭᠦᠶᠦᠵᠦ ᠬᠠᠲᠤᠨ ᠢ᠋ ᠰᠢᠪᠠᠭᠤᠨ ᠤ᠋ ᠰᠠᠪᠠᠷ ᠠ᠋ᠴᠠ ᠥᠷᠢᠰᠦᠨ ᠠᠪᠬᠤ ᠳ᠋ᠤ᠌ ᠤᠳᠬᠤᠨ ᠬᠥᠪᠡᠭᠦᠨ ᠪᠣᠰᠤᠨ ᠰᠢᠪᠠᠭᠤᠨ ᠤ᠋ ᠲᠣᠯᠣᠭᠠᠢ ᠶ᠋ᠢ ᠲᠠᠰᠤ ᠴᠠᠪᠴᠢᠵᠤ ᠬᠠᠶᠠᠯ᠎ᠠ᠃
ᠳᠣᠯᠣᠳᠤᠭᠠᠷ ᠬᠥᠪᠡᠭᠦᠨ ᠴᠦ᠍ ᠨᠠᠷᠠ ᠶ᠋ᠢ ᠲᠠᠯᠪᠢᠨ ᠵᠢᠷᠭᠠᠭᠤᠯᠤᠯᠠ᠃ ᠢᠩᠭᠢᠭᠡᠳ ᠬᠥᠪᠡᠭᠦᠳ ᠬᠠᠲᠤᠨ ᠢ᠋ ᠡᠰᠡᠨ ᠮᠡᠨᠳᠦ ᠠᠪᠴᠢᠷᠠᠭᠰᠠᠨ ᠳ᠋ᠤ᠌ ᠬᠠᠭᠠᠨ ᠴᠠᠯᠭᠢᠲᠠᠯ᠎ᠠ ᠪᠠᠨ ᠪᠠᠶᠠᠷᠯᠠᠵᠤ᠂ ᠠᠮᠠᠯᠠᠭᠰᠠᠨ ᠪᠣᠯᠵᠣᠯ ᠢ᠋ᠶ᠋ᠠᠨ ᠪᠡᠶᠡᠯᠡᠭᠦᠯᠬᠦ ᠭᠡᠲᠡᠯ᠎ᠡ ᠬᠥᠪᠡᠭᠦᠳ ᠄ 《 ᠬᠠᠭᠠᠨᠲᠠᠨ ᠮᠢᠨᠢ ᠠ᠋ ! ᠪᠢᠳᠡ ᠨᠣᠶᠠᠳ ᠲᠦᠰᠢᠮᠡᠯ ᠪᠣᠯᠬᠤ ᠬᠦᠰᠡᠯ ᠦᠭᠡᠢ ᠪᠢᠯᠡ᠂ ᠬᠠᠷᠢᠨ ᠲᠠᠨ ᠤ᠋ ᠲᠡᠷᠡ ᠠᠯᠲᠠᠨ ᠰᠤᠮᠤ ᠠ᠋ᠴᠠ ᠥᠭᠡᠷ᠎ᠡ ᠶᠠᠭᠤ ᠴᠤ᠌ ᠪᠢᠳᠡᠨ ᠳ᠋ᠦ᠍ ᠬᠡᠷᠡᠭ ᠦᠭᠡᠢ 》 ᠭᠡᠵᠡᠢ᠃
ᠬᠠᠭᠠᠨ ᠄ 《 ᠵᠠ᠂ ᠪᠠᠢᠵᠠ ᠪᠠᠢᠵᠠ᠂ ᠲᠡᠭᠡᠭᠡᠳ ᠪᠢ ᠴᠦ᠍ ᠣᠳᠣ ᠭᠠᠭᠴᠠᠬᠠᠨ ᠰᠢᠷᠬᠡᠭ ᠰᠤᠮᠤ ᠪᠠᠨ ᠲᠠ ᠨᠠᠷ ᠤ᠋ᠨ ᠴᠤ᠌ ᠣᠳᠣ ᠬᠡᠨ ᠳ᠋ᠦ᠍ ᠨᠢ ᠥᠭᠳᠡᠭ ᠶᠤᠮ ᠪᠢᠯᠡ᠂ ᠳᠠ᠂ ᠠ !》 ᠭᠡᠬᠦ ᠳ᠋ᠦ᠍᠂ 《 ᠦᠭᠡᠢ᠂ ᠦᠭᠡᠢ᠂ ᠲᠠ ᠥᠪᠡᠷ ᠢ᠋ᠶ᠋ᠡᠨ ᠪᠤᠯᠭᠤᠨ ᠰᠢᠢᠳᠲᠦᠭᠡᠢ 》 ᠭᠡᠵᠡᠭᠡᠵᠢ᠃
ᠡᠭᠦᠨ ᠢ᠋ ᠰᠣᠨᠣᠰᠤᠭᠰᠠᠨ ᠬᠠᠭᠠᠨ ᠬᠡᠰᠡᠭ ᠵᠠᠭᠤᠷ᠎ᠠ ᠪᠣᠳᠣᠯᠬᠢᠯᠠᠭᠰᠠᠨ ᠢ᠋ᠶ᠋ᠠᠨ ᠄ 《 ᠦ᠂ᠬᠦ᠂ ᠵᠠ ᠶᠠᠭᠠᠬᠢᠬᠤᠪ ᠢᠩᠭᠢᠶ᠎ᠡ ᠬᠦᠢ᠂ ᠪᠢ ᠡᠨᠡ ᠰᠤᠮᠤ ᠪᠠᠨ ᠲᠩᠷᠢ ᠤᠷᠤᠭᠤ ᠬᠠᠷᠪᠤᠨ᠎ᠠ᠂ ᠤᠷᠤᠯᠳᠤᠵᠤ ᠣᠴᠢᠭᠠᠳ ᠠᠯᠢ ᠲᠦᠷᠦᠭᠦᠯᠡᠵᠦ ᠬᠦᠷᠦᠭᠰᠡᠨ ᠨᠢ ᠯᠡ ᠠᠪ ᠳᠠ 》 ᠭᠡᠳ ᠰᠤᠮᠤ ᠪᠠᠨ ᠲᠩᠷᠢ ᠥᠭᠡᠳᠡ ᠣᠨᠢᠯᠠᠨ ᠬᠠᠷᠪᠤᠵᠠᠢ᠃
ᠲᠡᠭᠡᠩᠭᠦᠲᠡ ᠰᠤᠮᠤᠨ ᠤ᠋ ᠬᠣᠢᠨ᠎ᠠ ᠠ᠋ᠴᠠ ᠨᠠᠢ᠍ᠮᠠᠨ ᠬᠥᠪᠡᠭᠦᠨ ᠵᠡᠷᠭᠡᠴᠡᠨ ᠬᠥᠭᠡᠭᠡᠯ᠎ᠡ᠃ ᠭᠡᠲᠡᠯ᠎ᠡ ᠣᠳᠬᠣᠨ ᠳᠡᠭᠦᠦ ᠨᠢ ᠠᠬ᠎ᠠ ᠨᠠᠷ ᠠ᠋ᠴᠠ ᠪᠠᠨ ᠲᠠᠰᠤᠷᠠᠨ ᠬᠤᠷᠳᠤᠯᠠᠵᠤ᠂ ᠲᠩᠷᠢ ᠳ᠋ᠦ᠍ ᠭᠠᠷᠤᠨ ᠠᠯᠲᠠᠨ ᠰᠤᠮᠤ ᠶ᠋ᠢ ᠭᠦᠢᠴᠡᠵᠦ ᠠᠪᠤᠭᠠᠳ ᠲᠡᠨᠳᠡ ᠪᠡᠨ ᠠᠯᠲᠠᠨ ᠭᠠᠳᠠᠰᠤ ᠣᠳᠣ ᠪᠣᠯᠵᠠᠢ᠃ ᠳᠣᠯᠣᠭᠠᠨ ᠠᠬ᠎ᠠ ᠨᠢ ᠴᠦ᠍ ᠭᠡᠰᠡᠨ ᠬᠣᠢᠨ᠎ᠠ ᠠ᠋ᠴᠠ ᠨᠢ ᠶᠠᠪᠤᠵᠤ ᠣᠭᠲᠠᠷᠭᠤᠢ ᠶ᠋ᠢᠨ ᠳᠣᠯᠣᠭᠠᠨ ᠪᠤᠷᠬᠠᠨ ᠣᠳᠣ ᠪᠣᠯᠤᠭᠰᠠᠨ ᠭᠡᠨ᠎ᠡ᠃ ᠣᠭᠲᠠᠷᠭᠤᠢ ᠶ᠋ᠢᠨ ᠬᠢᠵᠠᠭᠠᠷ ᠦᠭᠡᠢ ᠠᠭᠤᠳᠠᠮ ᠤ᠋ᠨ ᠳᠤᠮᠳᠠ ᠣᠳᠣ ᠮᠡᠴᠢᠳ ᠭᠢᠯᠠᠯᠵᠠᠨ᠂ᠰᠥᠨᠢ ᠪᠣᠯᠵᠠᠢ᠃
ᠲᠦᠮᠡ ᠪᠤᠮᠠᠨ ᠣᠳᠣ ᠡᠷᠬᠡᠰ ᠦ᠋ᠨ ᠵᠠᠢ ᠴᠢᠯᠥᠭᠡᠨ ᠳ᠋ᠦ᠍ ᠠᠯᠲᠠᠨ ᠭᠠᠳᠠᠰᠤ ᠲᠣᠳᠣ ᠠ᠋ᠴᠠ ᠲᠣᠳᠣ ᠢᠯᠭᠠᠷᠠᠵᠤ᠂ ᠠᠷᠠᠢ ᠵᠡᠭᠦᠨᠲᠡᠢ ᠨᠢ ᠳᠣᠯᠣᠭᠠᠨ ᠪᠤᠷᠬᠠᠨ ᠭᠡᠷᠡᠯᠲᠦᠨ᠎ᠡ᠃
ᠴᠡᠩᠬᠡᠷ ᠳᠡᠯᠭᠡᠴᠡ ᠪᠡᠨ ᠦᠵᠡᠵᠦ ᠰᠠᠭᠤᠭ᠎ᠠ ᠴᠡᠴᠡᠭ ᠰᠢᠭ ᠬᠥᠭᠡᠷᠦᠬᠦᠨ ᠳᠡᠭᠦᠦ ᠨᠠᠷ ᠲᠤ᠌ ᠪᠠᠨ ᠬᠦᠷᠭᠡᠭᠰᠡᠨ ᠡᠷᠲᠡᠨ ᠦ᠌ ᠨᠢᠭᠡᠨ ᠳᠣᠮᠣᠭ ᠲᠤ᠌ ᠢᠩᠭᠢᠵᠦ ᠥᠭᠦᠯᠡᠭᠰᠡᠨ ᠪᠠᠢᠵᠠᠢ᠃
ᠤᠷᠠᠨ ᠪᠦᠲᠦᠭᠡᠯᠴᠢᠳ ᠄
ᠵ · ᠮᠥᠩᠬᠡ — ᠣᠷᠭᠢᠯ
ᠳ · ᠭᠠᠩᠪᠠᠭᠠᠲᠤᠷ
ᠳ · ᠲᠠᠸᠠᠨᠢᠮ᠎ᠡ
ᠭ · ᠷᠠᠪᠲᠠᠨ
ᠳ · ᠪᠠᠨᠲᠤᠪᠢᠯᠢᠭ᠌
ᠤ᠋ᠨ · ᠣᠳᠬᠣᠨᠪᠠᠶᠠᠷ
《 ᠰᠣᠨᠣ ᠬᠥᠳᠡᠯᠭᠡᠭᠡᠨᠲᠦ ᠵᠢᠷᠤᠭ 》 ᠤ᠋ᠨ ᠠᠵᠢᠯᠯᠠᠬᠤ ᠥᠷᠥᠭᠡ2004 ᠣᠨ ᠳ᠋ᠤ᠌ ᠦᠢᠯᠡᠳᠦᠭᠰᠡᠨ ᠪᠦᠲᠦᠭᠡᠯ ᠳ᠋ᠦ᠍ ᠬᠠᠳᠠᠮᠠᠯ ᠦᠰᠦᠭ ᠦ᠋ᠨ ᠬᠣᠯᠪᠣᠭ᠎ᠠ ᠤᠢᠭᠤᠷᠵᠢᠨ ᠮᠣᠩᠭᠣᠯ ᠦᠰᠦᠭ ᠬᠠᠳᠠᠪᠠ᠃
※ ᠪᠢᠴᠢᠭᠯᠡᠭᠦᠷ ᠦ᠋ᠨ ᠰᠢᠨᠡᠴᠢᠯᠡᠯᠲᠡ ᠡᠴᠡ ᠪᠣᠯᠵᠤ᠂ ᠬᠥᠳᠡᠯᠭᠡᠭᠡᠨᠲᠦ ᠵᠢᠷᠤᠭ ᠲᠠᠬᠢ ᠦᠰᠦᠭ ᠦ᠋ᠨ ᠲᠢᠭ ᠵᠣᠬᠢᠴᠠᠯᠳᠤᠬᠤ ᠦᠭᠡᠢ ᠰᠢᠯᠲᠠᠭᠠᠨ ᠠ᠋ᠴᠠ ᠪᠣᠯᠵᠤ᠂ ᠨᠠᠢ᠍ᠮᠠᠨ ᠬᠥᠪᠡᠭᠦᠨ ᠭᠡᠰᠡᠨ ᠦᠭᠡᠰ ᠦ᠋ᠨ ᠨᠠᠢ᠍ᠮᠠᠨ ᠲᠠᠰᠢᠶᠠᠷᠠᠭᠰᠠᠨ ᠪᠠᠢᠨ᠎ᠠ᠂ ᠠᠭᠤᠴᠢᠯᠠᠨ ᠪᠠᠭᠲᠠᠭᠠᠮᠤ !
