ᠳᠥᠷᠪᠡᠨ ᠤᠯᠠᠷᠢᠯ ᠢᠨᠢᠶᠡᠯᠳᠦᠭᠰᠡᠨ ᠨᠢ – ᠳ ᠂ ᠳ᠋ᠠᠷᠵᠠ ᠌ Дөрвөн улирал инээлдсэн нь – Д ᠂ Дарза ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠥᠷᠪᠡᠨ ᠤᠯᠠᠷᠢᠯ ᠢᠨᠢᠶᠡᠯᠳᠦᠭᠰᠡᠨ ᠨᠢ – ᠳ ᠂ ᠳ᠋ᠠᠷᠵᠠ ᠌ Дөрвөн улирал инээлдсэн нь – Д ᠂ Дарза

ᠳᠥᠷᠪᠡᠨ ᠤᠯᠠᠷᠢᠯ ᠢᠨᠢᠶᠡᠯᠳᠦᠭᠰᠡᠨ ᠨᠢ – ᠳ ᠂ ᠳ᠋ᠠᠷᠵᠠ ᠌ Дөрвөн улирал инээлдсэн нь – Д ᠂ Дарза

ᠠᠩᠭᠢᠯᠠᠯ:ᠬᠣᠱᠣᠩ ᠱᠣᠭ
2023-09-13

261

ᠳᠥᠷᠪᠡᠨ ᠤᠯᠠᠷᠢᠯ ᠢᠨᠢᠶᠡᠯᠳᠦᠭᠰᠡᠨ ᠨᠢ


                     ( ᠱᠣᠭ ᠰᠢᠯᠦᠭ ) 

  ᠨᠢᠭᠡᠳᠦᠭᠡᠷ ᠤᠯᠠᠷᠢᠯ ᠲᠠᠰᠢᠶ᠎ᠠ ᠲᠤᠯᠵᠤ᠄ 
  — ᠨᠡᠷ᠎ᠡ ᠲᠡᠢ ᠲᠥᠷᠥ ᠲᠡᠢ ᠨᠢ ᠪᠢ ᠶᠦᠮ ᠰᠢᠦ! 
  ᠲᠠᠩᠳᠠ ᠪᠠᠨ ᠳᠠᠪᠠᠭᠤᠯᠤᠨ᠎ᠠ ᠭᠡᠵᠦ ᠠᠮᠠᠯᠠᠳᠠᠭ 
  《 ᠳᠠᠷᠬᠠᠨ ᠠᠯᠳᠠᠷᠲᠠᠢ》 ᠳᠠ ᠭᠡᠪᠡ᠃ 
  ᠬᠣᠶᠠᠳᠤᠭᠠᠷ ᠤᠯᠠᠷᠢᠯ ᠪᠡᠶᠡᠰᠦᠨ ᠢᠨᠢᠶᠡᠵᠦ 
  — ᠬᠣᠵᠢᠳᠠᠬᠤ ᠶᠠᠭᠤᠮ᠎ᠠ ᠶᠠᠭᠤ ᠪᠠᠢᠬᠤᠪ ᠳᠠ 
  ᠷᠠᠳᠢᠣ᠋ ᠰᠣᠨᠢᠨ ᠴᠤᠭᠯᠠᠭᠠᠨ ᠪᠦᠷᠢ ᠳ᠋ᠦ᠍ ᠯᠡ 
  ᠠᠮᠠᠯᠠᠭᠰᠠᠨ ᠢ᠋ᠶ᠋ᠠᠨ ᠬᠡᠯᠡᠳᠡᠭ ᠤᠯᠠᠷᠢᠯ ᠰᠢᠦ ᠭᠡᠪᠡ᠃ 
  ᠭᠤᠷᠪᠠᠳᠤᠭᠠᠷ ᠤᠯᠠᠷᠢᠯ ᠢᠴᠢᠭᠰᠡᠨ ᠪᠠᠢᠳᠠᠯ ᠲᠠᠢ 
  — ᠭᠤᠲᠤᠭᠠᠳ ᠪᠠᠢᠬᠤ ᠶᠠᠭᠤ ᠪᠠᠢᠬᠤᠪ ᠳᠠ 
  ᠬᠠᠮᠢᠭ᠎ᠠ ᠶᠠᠪᠤᠭ᠎ᠠ ᠪᠠᠨ ᠴᠤ᠌ ᠮᠡᠳᠡᠬᠦ ᠦᠭᠡᠢ ᠪᠣᠯᠲᠠᠯ᠎ᠠ 
  ᠬᠠᠨᠲᠠᠯ᠎ᠠ ᠤᠨᠲᠠᠳᠠᠭ ᠳᠠ ᠶᠣ ᠶᠣᠬᠣ ᠁ 
  ᠳᠥᠷᠪᠡᠳᠦᠭᠡᠷ ᠤᠯᠠᠷᠢᠯ ᠲᠦᠭᠳᠡᠴᠢᠨ ᠬᠡᠯᠡᠬᠦ ᠨᠢ 
  — ᠲᠦᠮᠡᠨ ᠣᠯᠠᠨ ᠳ᠋ᠤ᠌ ᠬᠠᠨᠳᠤᠬᠤ ᠶ᠋ᠢᠨ ᠲᠤᠯᠠᠳᠠ 
  ᠰᠢᠨ᠎ᠡ ᠵᠢᠯ ᠢ᠋ᠶ᠋ᠡᠷ ᠠᠮᠠᠯᠠᠬᠤ ᠶ᠋ᠢᠨ ᠲᠥᠯᠥᠭᠡ 
  ᠰᠢᠢᠳᠪᠤᠷᠢᠲᠠᠢᠬᠡᠨ ᠪᠡᠯᠡᠳᠬᠡᠳᠡᠭ ᠰᠢᠦ ᠭᠡᠪᠡ᠃ 
  ᠠᠮᠠᠯᠠᠭᠰᠠᠨ ᠪᠦᠬᠦᠨ ᠪᠡᠶᠡᠯᠡᠳᠡᠭ ᠪᠠᠢᠲᠠᠯ᠎ᠠ 
  ᠠᠢ ᠬᠦ᠌ ᠲᠠ ᠨᠠᠷ ᠶᠠᠭᠤ ᠬᠡᠯᠡᠯᠴᠡᠨ᠎ᠡ ᠪᠣᠢ? 
  ᠠᠳᠠᠭ ᠤ᠋ᠨ ᠮᠠᠭᠤ ᠰᠠᠢᠨ ᠬᠦᠨᠳᠦ ᠰᠤᠷᠲᠠᠯᠳᠠᠨ ᠢ᠋ 
  ᠠᠯᠢᠶᠠᠯᠠᠨ ᠱᠣᠣᠯᠠᠵᠤ ᠪᠠᠢᠭ᠎ᠠ ᠨᠢ ᠲᠡᠷᠡ ᠰᠢᠦ! 
  《 ᠣᠷᠴᠢᠯᠠᠩ ᠤ᠋ᠨ ᠬᠤᠳᠠᠯᠴᠢ》 ᠪᠣᠯᠬᠤ ᠬᠡ ᠦᠭᠡᠢ ᠪᠣᠯ 
  ᠣᠯᠠᠨ ᠳ᠋ᠤ᠌ ᠠᠮᠠᠯᠠᠭᠰᠠᠨ ᠢ᠋ᠶ᠋ᠠᠨ ᠪᠡᠶᠡᠯᠡᠭᠦᠯᠦᠮᠡᠷ ᠭᠡᠵᠦ 
  ᠢᠷᠡᠬᠦ ᠤᠯᠠᠷᠢᠯ ᠰᠢᠪᠡᠨᠡᠨ ᠵᠠᠬᠢᠵᠤ ᠪᠠᠢᠨ᠎ᠠ!

 《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

    ᠦᠰᠦᠭ ᠠᠮᠢᠯᠠᠭᠤᠯᠤᠭᠰᠠᠨ ᠨᠢ᠄   ᠪᠠᠭᠠᠲᠤᠷ 
    ᠬᠢᠨᠠᠭ᠍ᠴᠢ :   ᠴᠣᠯᠮᠣᠨᠲᠤᠶᠠᠭ᠎ᠠ 

             2023᠂ 9᠂ 7  ᠤ᠋ ᠡᠳᠦᠷ