ᠨᠤᠲᠤᠭ ᠤᠨ ᠰᠢᠷ᠎ᠠ ᠵᠠᠮ -ᠮᠠᠨᠳᠤᠬᠤ ᠪᠠᠭᠰᠢ ᠶᠢᠨ ᠤᠷᠠᠨ ᠪᠢᠴᠢᠯᠭᠡ ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠤᠲᠤᠭ ᠤᠨ ᠰᠢᠷ᠎ᠠ ᠵᠠᠮ -ᠮᠠᠨᠳᠤᠬᠤ ᠪᠠᠭᠰᠢ ᠶᠢᠨ ᠤᠷᠠᠨ ᠪᠢᠴᠢᠯᠭᠡ

ᠨᠤᠲᠤᠭ ᠤᠨ ᠰᠢᠷ᠎ᠠ ᠵᠠᠮ -ᠮᠠᠨᠳᠤᠬᠤ ᠪᠠᠭᠰᠢ ᠶᠢᠨ ᠤᠷᠠᠨ ᠪᠢᠴᠢᠯᠭᠡ

ᠠᠩᠭᠢᠯᠠᠯ:ᠤᠷᠠᠨ ᠪᠢᠴᠢᠯᠭᠡ
2023-09-13

431

ᠨᠤᠲᠤᠭ ᠤ᠋ᠨ ᠰᠢᠷ᠎ᠠ ᠵᠠᠮ

ᠨᠠᠯᠠᠭᠠᠷ ᠨᠣᠮᠢᠨ ᠨᠣᠭᠣᠭᠠᠨ ᠲᠠᠯ᠎ᠠ ᠳ᠋ᠠᠭᠠᠨ 
ᠨᠠᠪᠴᠢ ᠴᠡᠴᠡᠭ ᠢ᠋ᠶ᠋ᠡᠨ ᠵᠢᠷᠭᠠᠭᠰᠠᠨ 
ᠨᠠᠰᠤᠨ ᠤ᠋ ᠳᠤᠷᠠᠰᠤᠮᠵᠢ ᠨᠠᠳᠠ ᠳ᠋ᠠᠭᠠᠨ 
ᠨᠠᠰᠤᠲᠠᠨ ᠪᠤᠭᠤᠷᠤᠯ ᠢ᠋ ᠮᠢᠨᠢ ᠰᠠᠨᠠᠭᠳᠠᠭᠤᠯᠤᠨ᠎ᠠ 
ᠨᠤᠲᠤᠭ ᠤ᠋ᠨ ᠰᠢᠷ᠎ᠠ ᠵᠠᠮ 
ᠨᠡᠭᠦᠳᠡᠯᠴᠢᠨ ᠮᠣᠩᠭᠣᠯ ᠤ᠋ᠨ ᠥᠯᠥᠭᠡᠢ ᠶᠤᠮ ᠠ᠋ 

ᠮᠥᠯᠬᠥᠵᠦ ᠪᠠᠶᠠᠷᠯᠠᠭᠰᠠᠨ ᠦᠷ᠎ᠡ ᠶ᠋ᠢᠨ ᠮᠢᠨᠢ 
ᠰᠢᠯᠪᠤᠷᠬᠠᠢ ᠬᠣᠶᠠᠷ ᠡᠪᠦᠳᠦᠭ ᠦᠦ ᠳᠡ 
ᠮᠥᠷᠭᠥᠯ ᠬᠢᠭᠰᠡᠨ ᠠᠪᠤ ᠶ᠋ᠢᠨ ᠮᠢᠨᠢ 
ᠬᠠᠭᠵᠠᠷᠬᠠᠢ ᠬᠣᠶᠠᠷ ᠲᠣᠬᠣᠢ ᠤᠤ ᠳᠠ
ᠨᠤᠲᠤᠭ ᠤ᠋ᠨ ᠰᠢᠷ᠎ᠠ ᠵᠠᠮ
ᠨᠡᠭᠦᠳᠡᠯᠴᠢᠨ ᠮᠣᠩᠭᠣᠯ ᠤ᠋ᠨ ᠥᠯᠥᠭᠡᠢ ᠶᠤᠮ ᠠ᠋

ᠪᠡᠷᠬᠡ ᠶ᠋ᠢᠨ ᠴᠠᠭᠠᠨ᠎ᠠ ᠠ᠋ᠴᠠ ᠴᠠᠢᠷᠠᠭᠠᠳ ᠪᠠᠢᠨ᠎ᠠ
ᠤᠶᠠᠩᠭ᠎ᠠ ᠶ᠋ᠢᠨ ᠨᠤᠭᠤᠯᠤᠭ᠎ᠠ ᠲᠠᠢ ᠳᠠᠭᠤᠤ ᠤᠤ ᠳᠠ
ᠪᠡᠯᠭᠡ ᠶ᠋ᠢᠨ ᠨᠠᠭᠠᠨ᠎ᠠ ᠠ᠋ᠴᠠ ᠴᠠᠯᠭᠢᠯᠠᠭᠠᠳ ᠪᠠᠢᠨ᠎ᠠ
ᠤᠭᠤᠷᠠᠭ ᠰᠦ ᠲᠡᠢ ᠰᠠᠴᠤᠯᠢ ᠤᠤ ᠳᠠ
ᠨᠤᠲᠤᠭ ᠤ᠋ᠨ ᠰᠢᠷ᠎ᠠ ᠵᠠᠮ
ᠨᠡᠭᠦᠳᠡᠯᠴᠢᠨ ᠮᠣᠩᠭᠣᠯ ᠤ᠋ᠨ ᠥᠯᠥᠭᠡᠢ ᠶᠤᠮ ᠠ᠋

ᠪᠡᠭᠡᠷᠡᠬᠦ ᠶ᠋ᠢᠨ ᠡᠮᠦᠨ᠎ᠡ ᠡᠴᠡ ᠳᠤᠯᠠᠭᠠᠯᠠᠭᠠᠳ ᠪᠠᠢᠨ᠎ᠠ
ᠤᠭᠠᠯᠵᠠᠨ ᠰᠤᠷ ᠲᠠᠢ ᠭᠠᠯ ᠤᠤ ᠳᠠ
ᠪᠡᠳᠡᠷᠢᠬᠦ ᠶ᠋ᠢᠨ ᠡᠮᠦᠨ᠎ᠡ ᠡᠴᠡ ᠡᠨᠡᠷᠢᠭᠡᠳ ᠪᠠᠢᠨ᠎ᠠ
ᠳᠦᠭᠦᠷᠡᠩ ᠬᠡᠰᠢᠭ ᠲᠡᠢ ᠭᠠᠨᠵᠤᠭ᠎ᠠ ᠤᠤ ᠳᠠ
ᠨᠤᠲᠤᠭ ᠤ᠋ᠨ ᠰᠢᠷ᠎ᠠ ᠵᠠᠮ
ᠨᠡᠭᠦᠳᠡᠯᠴᠢᠨ ᠮᠣᠩᠭᠣᠯ ᠤ᠋ᠨ ᠥᠯᠥᠭᠡᠢ ᠶᠤᠮ ᠠ᠋

  ᠦᠰᠦᠭ ᠠᠮᠢᠭᠤᠯᠤᠭᠰᠠᠨ ᠨᠢ᠄ ᠮᠥᠩᠭᠥᠨ
  ᠬᠢᠨᠠᠭᠴᠢ᠄ ᠲᠦᠮᠡᠨᠴᠡᠴᠡᠭ